2019.03.11 ᠍ ᠤ ᠡᠳᠦᠷ ᠦᠨ ᠰᠢᠭᠤᠷᠬᠠᠢ ᠬᠤᠷᠠᠯ ᠤᠨ ᠪᠡᠶᠡᠯᠡᠯ ᠳᠦ

2019 ᠣᠨ ᠤ 03 ᠳ᠋ᠤᠭᠠᠷ ᠰᠠᠷ᠎ᠠ ᠶᠢᠨ 11                                           № 07                                            ᠳᠠᠷᠬᠠᠨ ᠠᠭᠤᠯᠠ ᠠᠶᠢᠮᠠᠭ

№ ᠥᠭᠭᠦᠭᠳᠡᠭᠰᠡᠨ ᠡᠭᠦᠷᠭᠡ ᠳᠠᠭᠠᠭᠠᠯᠭᠠᠪᠤᠷᠢ ᠬᠠᠷᠢᠭᠤᠴᠠᠬᠤ ᠡᠵᠡᠨ ᠬᠡᠷᠡᠭᠵᠢᠯᠲᠡ
1. ᠪᠰᠰᠢᠰᠢ ᠤ ᠰᠠᠶᠢᠳ ᠲᠠᠢ 2019.03.13 ᠍ ᠤ ᠡᠳᠦᠷ ᠠᠭᠤᠯᠵᠠᠬᠤ ᠠᠭᠤᠯᠵᠠᠯᠲᠠ ᠶᠢᠨ ᠴᠠᠭ ᠠᠪᠬᠤ ᠠᠵᠢᠯ ᠢ ᠵᠣᠬᠢᠶᠠᠨ ᠪᠠᠶᠢᠭᠤᠯᠬᠤ ᠨᠪᠬ ᠪᠰᠰᠢᠰ ᠤᠨ ᠰᠠᠶᠢᠳ ᠤᠨ ᠲᠤᠰᠯᠠᠬᠤ ᠲᠠᠢ ᠬᠣᠯᠪᠣᠭᠳᠠᠨ 3 ᠰᠠᠷ᠎ᠠ ᠶᠢᠨ 13 ᠍ ᠤ ᠡᠳᠦᠷ ᠠᠶᠢᠮᠠᠭ ᠤᠨ ᠵᠠᠰᠠᠭ ᠳᠠᠷᠤᠭ᠎ᠠ ᠠᠭᠤᠯᠵᠠᠬᠤ ᠲᠤᠬᠠᠢ ᠮᠡᠳᠡᠭᠳᠡᠭᠰᠡᠨ᠃ ᠬᠥᠳᠡᠭᠡ ᠣᠷᠣᠨ ᠨᠤᠲᠤᠭ ᠠᠴᠠ ᠠᠶᠢᠮᠠᠭ ᠤᠨ ᠵᠠᠰᠠᠭ ᠳᠠᠷᠤᠭ᠎ᠠ ᠨᠠᠷ ᠢᠷᠡᠬᠦ ᠦᠶ᠎ᠡ ᠳᠦ ᠰᠠᠶᠢᠳ ᠠᠭᠤᠯᠵᠠᠬᠤ ᠴᠠᠭ ᠭᠠᠷᠭᠠᠵᠤ ᠪᠠᠶᠢᠭ᠎ᠠ ᠶᠢ ᠮᠡᠳᠡᠭᠳᠡᠭᠰᠡᠨ᠃
2. ᠬᠡᠪᠯᠡᠯ ᠮᠡᠳᠡᠭᠡᠯᠡᠯ ᠦᠨ ᠬᠡᠷᠡᠭᠰᠡᠯ ᠢᠶᠡᠷ ᠬᠡᠯᠲᠡᠰ᠂ ᠠᠭᠧᠨᠲᠯᠢᠭ ᠤᠨ ᠳᠠᠷᠤᠭ᠎ᠠ᠂ ᠰᠤᠮᠤᠳ ᠤᠨ ᠵᠠᠰᠠᠭ ᠳᠠᠷᠤᠭ᠎ᠠ ᠨᠠᠷ ᠥᠪᠡᠷᠰᠡᠳ ᠦᠨ ᠴᠢᠭᠯᠡᠯ ᠢᠶᠡᠷ ᠬᠢᠵᠦ ᠬᠡᠷᠡᠭᠵᠢᠭᠦᠯᠵᠦ ᠪᠠᠶᠢᠭ᠎ᠠ ᠠᠵᠢᠯ ᠤᠳ ᠢᠶᠠᠷ ᠢᠶᠠᠨ ᠲᠣᠳᠣᠷᠬᠠᠢ ᠮᠡᠳᠡᠭᠡᠯᠡᠯ ᠥᠭᠴᠦ ᠬᠤᠪᠢᠶᠠᠷᠢ ᠶᠢᠨ ᠳᠠᠭᠠᠤ ᠤᠷᠤᠯᠴᠠᠬᠤ ᠮᠲᠠ ᠠᠶᠢᠮᠠᠭ ᠤᠨ ᠵᠠᠰᠠᠭ ᠳᠠᠷᠤᠭ᠎ᠠ ᠶᠢᠨ ᠪᠠᠲᠤᠯᠠᠭᠰᠠᠨ ᠬᠤᠪᠢᠶᠠᠷᠢ ᠶᠢᠨ ᠳᠠᠭᠠᠤ ᠠᠶᠢᠮᠠᠭ ᠤᠨ ᠵᠠᠰᠠᠭ ᠳᠠᠷᠤᠭ᠎ᠠ ᠶᠢᠨ ᠣᠷᠣᠯᠠᠭᠴᠢ ᠲ.ᠭᠠᠩᠪᠣᠯᠣᠳ ᠲᠠᠮᠠᠭ᠎ᠠ ᠶᠢᠨ ᠭᠠᠵᠠᠷ ᠤᠨ ᠴᠠᠭ ᠨᠡᠪᠲᠡᠷᠡᠭᠦᠯᠭᠡ ᠳᠦ ᠣᠷᠣᠯᠴᠠᠯ᠎ᠠ᠃
3. 2019.03.14 ᠍ ᠦ ᠡᠳᠦᠷ ᠦᠨ ᠶᠣᠰᠣᠯᠠᠯ ᠤᠨ ᠥᠷᠭᠦᠭᠡᠨ ᠦ ᠨᠡᠭᠡᠭᠡᠯᠲᠡ ᠶᠢᠨ ᠠᠷᠭ᠎ᠠ ᠬᠡᠮᠵᠢᠶ᠎ᠡ ᠶᠢ ᠥᠨᠳᠥᠷ ᠬᠡᠮᠵᠢᠶᠡᠨ ᠳᠦ ᠵᠣᠬᠢᠶᠠᠨ ᠪᠠᠶᠢᠭᠤᠯᠬᠤ ᠨᠪᠬ 《ᠭᠡᠷ ᠪᠦᠯᠢ ᠶᠢᠨ ᠶᠣᠰᠣᠯᠠᠯ ᠬᠦᠨᠳᠦᠳᠬᠡᠯ ᠦᠨ ᠥᠷᠭᠥᠭᠡ》 ᠍ ᠦ ᠨᠡᠭᠡᠭᠡᠯᠲᠡ ᠶᠢ ᠬᠥᠲᠥᠯᠪᠦᠷᠢ ᠶᠢᠨ ᠳᠠᠭᠠᠤ ᠠᠮᠵᠢᠯᠲᠠᠲᠠᠢ ᠵᠣᠬᠢᠶᠠᠨ ᠪᠠᠶᠢᠭᠤᠯᠤᠭᠰᠠᠨ᠃
4. ᠭᠪᠬᠵᠬᠭ ᠠᠴᠠ 2019 ᠣᠨ ᠢ 《ᠬᠡᠦᠬᠡᠳ ᠭᠡᠷ ᠪᠦᠯᠢ ᠶᠢᠨ ᠬᠥᠭᠵᠢᠯ ᠦᠨ ᠵᠢᠯ》 ᠪᠣᠯᠭᠠᠨ ᠵᠠᠷᠯᠠᠭᠰᠠᠨ᠃ ᠭᠡᠲᠡᠯ᠎ᠡ ᠮᠠᠨ ᠤ ᠠᠶᠢᠮᠠᠭ ᠤᠨ ᠪᠠᠭ᠎ᠠ ᠨᠠᠰᠤᠨ ᠤ ᠣᠬᠢᠳ ᠤᠨ ᠵᠢᠷᠮᠦᠰᠦᠯᠡᠯᠲᠡ ᠤᠯᠤᠰ ᠤᠨ ᠬᠡᠮᠵᠢᠶᠡᠨ ᠳᠦ 3 ᠍ ᠳᠦ ᠵᠢᠭᠰᠠᠭᠳᠠᠵᠤ ᠪᠠᠶᠢᠨ᠎ᠠ᠃ ᠡᠮᠡᠭ ᠠᠴᠠ ᠵᠠᠷᠯᠠᠭᠰᠠᠨ ᠨᠢᠪ ᠤᠨ ᠬᠦᠮᠦᠨ ᠠᠮᠠ ᠶᠢᠨ ᠰᠠᠩ ᠤᠨ ᠬᠥᠨᠳᠡᠯᠡᠩ ᠦᠨ ᠰᠤᠳᠤᠯᠭ᠎ᠠ ᠪᠠᠷ ᠭᠡᠷ ᠪᠦᠯᠢ ᠶᠢᠨ ᠬᠦᠴᠦᠷᠬᠡᠶᠢᠯᠡᠯ ᠢᠶᠡᠷ ᠳᠠᠷᠬᠠᠨ ᠠᠭᠤᠯᠠ ᠠᠶᠢᠮᠠᠭ 1 ᠍ ᠳᠦ ᠪᠢᠴᠢᠭᠳᠡᠵᠦ ᠪᠠᠶᠢᠨ᠎ᠠ᠃ ᠲᠡᠶᠢᠮᠦ ᠡᠴᠡ ᠪᠣᠳᠠᠲᠠᠢ ᠠᠵᠢᠯ ᠤᠳ ᠢ ᠨᠪᠬ ᠲᠡᠢ ᠬᠠᠮᠲᠤᠷᠠᠭᠠᠳ ᠰᠤᠮᠤ ᠣᠷᠣᠨ ᠨᠤᠲᠤᠭ ᠲᠤ ᠪᠠᠨ ᠬᠢᠵᠦ ᠬᠡᠷᠡᠭᠵᠢᠭᠦᠯᠬᠦ ᠠᠵᠢᠯ ᠤᠨ ᠲᠥᠯᠦᠪᠯᠡᠭᠡᠨ ᠳᠦ ᠪᠡᠨ ᠲᠤᠰᠬᠠᠬᠤ ᠱᠠᠭᠠᠷᠳᠠᠯᠭ᠎ᠠ ᠲᠠᠢ ᠪᠠᠶᠢᠨ᠎ᠠ᠃ ᠪᠠᠭ᠎ᠠ ᠨᠠᠰᠤᠨ ᠤ ᠣᠬᠢᠳ ᠤᠨ ᠵᠢᠷᠮᠦᠰᠦᠯᠡᠯᠲᠡ ᠪᠡᠷ 3 ᠍ ᠳᠦ ᠣᠷᠣᠵᠤ ᠪᠠᠶᠢᠭ᠎ᠠ ᠪᠣᠯ ᠲᠡᠷᠬᠡᠦ ᠰᠤᠳᠤᠯᠭ᠎ᠠ ᠶᠢ ᠭᠠᠷᠭᠠᠬᠤ ᠡᠮᠡᠭ ᠲᠠᠢ ᠬᠠᠮᠲᠤᠷᠠᠵᠤ ᠭᠠᠷᠭᠠᠬᠤ᠂ ᠲᠡᠷᠬᠡᠦ ᠰᠤᠳᠤᠯᠭ᠎ᠠ ᠶᠢ ᠨᠢᠪ ᠤᠨ ᠬᠦᠮᠦᠨ ᠠᠮᠠ ᠶᠢᠨ ᠰᠠᠩ ᠠᠴᠠ ᠠᠪᠴᠤ ᠮᠡᠳᠡᠭᠡᠯᠡᠯ ᠥᠭᠬᠦ ᠬᠡᠷᠡᠭᠲᠡᠢ ᠪᠠᠶᠢᠨ᠎ᠠ᠃ ᠪ ∙ ᠠᠵᠠᠵᠢᠷᠭᠠᠯ ᠳᠠᠷᠤᠭ᠎ᠠ ᠪᠠᠭ ᠬᠣᠷᠢᠶ᠎ᠠ ᠪᠠᠷ ᠨᠢ ᠳᠠᠮᠵᠢᠭᠤᠯᠤᠭᠠᠳ ᠪᠣᠳᠠᠲᠠᠢ ᠠᠵᠢᠯ ᠵᠣᠬᠢᠶᠠᠬᠤ ᠱᠠᠭᠠᠷᠳᠠᠯᠭ᠎ᠠ ᠲᠠᠢ ᠪᠠᠶᠢᠨ᠎ᠠ 《ᠭᠡᠷ ᠪᠦᠯᠢ ᠶᠢᠨ ᠬᠥᠭᠵᠢᠯ ᠢ ᠳᠡᠮᠵᠢᠬᠦ ᠵᠢᠯ》 ᠪᠣᠯᠭᠠᠨ ᠵᠠᠷᠯᠠᠵᠤ᠂ ᠭᠡᠷ ᠪᠦᠯᠢ ᠶᠢᠨ ᠬᠦᠴᠦᠷᠬᠡᠶᠢᠯᠡᠯ᠂ ᠬᠡᠦᠬᠡᠳ ᠦᠨ ᠡᠷᠬᠡ ᠶᠢᠨ ᠬᠦᠴᠦᠷᠬᠡᠶᠢᠯᠡᠯ᠂ ᠬᠡᠦᠬᠡᠳ ᠦᠨ ᠡᠷᠬᠡ ᠶᠢᠨ ᠵᠥᠷᠢᠴᠡᠯ ᠢ ᠪᠠᠭᠤᠷᠠᠭᠤᠯᠬᠤ᠂ ᠲᠠᠰᠤᠯᠤᠨ ᠵᠣᠭᠰᠣᠭᠠᠬᠤ ᠵᠣᠷᠢᠯᠭ᠎ᠠ ᠪᠠᠷ ᠲᠣᠭᠠᠨ ᠮᠡᠳᠡᠭᠡᠯᠡᠯ᠂ ᠰᠲ᠋ᠠᠲ᠋ᠢᠰᠲ᠋ᠢᠺ ᠦᠵᠡᠭᠦᠯᠦᠯᠲᠡ ᠳᠦ ᠲᠤᠯᠭᠠᠭᠤᠷᠢᠯᠠᠨ ᠭᠡᠷ ᠪᠦᠯᠢ ᠶᠢᠨ ᠬᠦᠴᠦᠷᠬᠡᠶᠢᠯᠡᠯ᠂ ᠬᠡᠦᠬᠡᠳ ᠦᠨ ᠡᠰᠡᠷᠡᠭ ᠭᠡᠮᠲᠦ ᠬᠡᠷᠡᠭ ᠢ ᠪᠠᠭᠤᠷᠠᠭᠤᠯᠬᠤ᠂ ᠲᠠᠰᠤᠯᠤᠨ ᠵᠣᠭᠰᠣᠭᠠᠬᠤ ᠨᠥᠯᠥᠭᠡᠯᠡᠯ ᠦᠨ ᠠᠵᠢᠯ ᠢ ᠵᠣᠬᠢᠶᠠᠨ ᠪᠠᠶᠢᠭᠤᠯᠬᠤ ᠠᠵᠢᠯ ᠤᠨ ᠴᠢᠭᠯᠡᠯ ᠢ ᠬᠦᠷᠭᠡᠭᠦᠯᠬᠦ ᠲᠤᠬᠠᠢ ᠠᠯᠪᠠᠨ ᠪᠢᠴᠢᠭ ᠢ ᠳᠠᠷᠬᠠᠨ᠂ ᠰᠢᠷ᠎ᠠ ᠶᠢᠨ ᠭᠣᠣᠯ᠂ ᠬᠣᠩᠭᠣᠷ᠂ ᠣᠷᠬᠣᠨ ᠰᠤᠮᠤᠳ ᠤᠨ ᠵᠠᠰᠠᠭ ᠳᠠᠷᠤᠭ᠎ᠠ ᠨᠠᠷᠠᠲᠤᠬᠦᠷᠭᠡᠭᠦᠯᠦᠭᠰᠡᠨ᠃
5. ᠵᠠᠷᠢᠮ ᠠᠩᠪ ᠤᠳ ᠪᠦᠬᠦ ᠲᠥᠰᠥᠯ ᠬᠥᠲᠥᠯᠪᠦᠷᠢ ᠳᠦ ᠬᠠᠮᠤᠷᠤᠭᠳᠠᠭᠰᠠᠨ ᠪᠠᠶᠢᠨ᠎ᠠ᠃ ᠲᠡᠶᠢᠮᠦ ᠡᠴᠡ ᠰᠤᠳᠤᠯᠭ᠎ᠠ ᠶᠢ᠂ ᠬᠥᠲᠥᠯᠪᠦᠷᠢ᠂ ᠰᠠᠨ ᠲᠤᠰ ᠪᠦᠷᠢ ᠪᠡᠷ ᠨᠢ ᠭᠠᠷᠭᠠᠵᠤ ᠲᠠᠨᠢᠯᠴᠠᠭᠤᠯᠬᠤ ᠬᠣᠬᠪᠳᠬ

ᠬᠢᠨᠠᠭᠰᠠᠨ᠄ᠲᠥᠷᠥ ᠶᠢᠨ ᠵᠠᠬᠢᠷᠭᠠᠨ ᠤ ᠤᠳᠤᠷᠢᠳᠤᠯᠭ᠎ᠠ ᠶᠢᠨ ᠬᠡᠯᠲᠡᠰ ᠦᠨ ᠳᠠᠷᠤᠭ᠎ᠠ ᠫ.ᠪᠠᠶᠠᠷᠰᠠᠶᠢᠬᠠᠨ

ᠨᠢᠭᠡᠳᠬᠡᠭᠰᠡᠨ᠄ᠲᠥᠷᠥ ᠶᠢᠨ ᠵᠠᠬᠢᠷᠭᠠᠨ ᠤ ᠤᠳᠤᠷᠢᠳᠤᠯᠭ᠎ᠠ ᠶᠢᠨ ᠢᠶᠡᠯᠲᠦᠰ ᠦᠨ ᠮᠡᠷᠭᠡᠵᠢᠯᠲᠡᠨᠢ.ᠭᠡᠷᠡᠯᠰᠦ᠋ᠬᠡ