ᠶᠡᢈᠡ ᠰᠤᠷᠭᠠᠭᠤᠯᠢ ᠶ᠋ᠢᠨ ᠡᠮᠨᠡᠯᢉᠡ ᠶ᠋ᠢᠨ ᠥᠷᢉᠡᠳᢈᠡᠯ ᠦ᠋ᠨ ᠪᠠᠷᠢᠯᠭ᠎ᠠ ᠶ᠋ᠢᠨ ᠰᠢᠪᠠ ᠲᠠᠯᠪᠢᠬᠤ ᠶᠣᠰᠤᠯᠠᠯ ᠪᠣᠯᠤᠯ᠎ᠠ

ᠤᠢᠬ᠎ᠠ ᠤ᠋ᠨ ᢉᠡᠰᠢᢉᠦᠨ᠂ ᠰᠠᠩ ᠤ᠋ᠨ ᠰᠠᠶᠢᠳ ᠪ᠃ᠵᠢᠪᠬᠤᠯᠠᠩ ᠪᠣᠯᠤᠨ ᠪᠱᠤᠶ᠎ᠠ᠂ ᠡᠮᠢ᠂ ᠠᠶᠢᠮᠠᠭ ᠤ᠋ᠨ ᠢᠲᠡᢈᠡ᠂ ᠠᠶᠢᠮᠠᠭ ᠤ᠋ᠨ ᠵᠢᠳᠲᠦᢉᠡ ᠶᠠᠨ ᠳᠡᠮᠵᠢᠯᢉᠡ ᠲᠡᠢ ᠪᠡᠷ ᠠᠰᠢᢉᠦᠰᠦᠨ ᠦ᠋ ᠳᠠᠷᠬᠠᠨ ᠆ ᠠᠭᠤᠯᠠ ᠠᠶᠢᠮᠠᠭ ᠳ᠋ᠠᢈᠢ ᠰᠠᠯᠪᠤᠷᠢ ᠠᠨᠠᠭᠠᠬᠤ ᠤᠬᠠᠭᠠᠨ ᠤ᠋ ᠰᠤᠷᠭᠠᠭᠤᠯᠢ ᠶ᠋ᠢᠨ ᠬᠠᠷᠢᠶ᠎ᠠ ᠕᠐ ᠣᠷᠤᠲᠠᠢ ᠙ ᠳᠠᠪᠬᠤᠷ ᠡᠮᠨᠡᠯᢉᠡ ᠶ᠋ᠢᠨ ᠪᠠᠷᠢᠯᠭ᠎ᠠ ᠶ᠋ᠢᠨ ᠰᠢᠪᠠ ᠲᠠᠯᠪᠢᠬᠤ ᠶᠣᠰᠤᠯᠠᠯ ᠥᠨᠦᠳᠦᠷ /᠒᠐᠒᠔᠂᠐᠕᠂᠒᠓/ᠪᠣᠯᠤᠯᠤᠭ᠎ᠠ᠃
ᠤᠯᠤᠰ ᠤ᠋ᠨ ᠲᠥᠰᠦᠪ ᠦ᠋ᠨ ᠑᠑᠂᠓ ᠲᠡᠷᠪᠤᠮ ᠲᠥᢉᠦᠷᠢᢉ ᠦ᠋ᠨ ᢈᠥᠷᠦᠩᢉᠡ ᠣᠷᠤᠭᠤᠯᠤᠯᠲᠠ ᠪᠠᠷ ᢈᠢᢉᠳᠡᢈᠦ ᠡᠮᠨᠡᠯᢉᠡ ᠶ᠋ᠢᠨ ᠪᠠᠷᠢᠯᠭ᠎ᠠ ᠶ᠋ᠢᠨ ᠠᠵᠢᠯ ᠢ᠋ “ᠸᠧᠨᠲ᠋ᠠᠨᠠ ᠻᠣᠨᠰᠲ᠋ᠷᠠᠻᠱᠢᠨ” ᠬᠬᠻᠠ ᢉᠦᠶᠢᠴᠡᠳᢈᠡᢈᠦ ᠶᠠᠭᠤᠮ᠎ᠠ᠃
ᠲᠤᠰᠠ ᠻᠣᠮᠫᠠᠨᠢ ᠶ᠋ᠢᠨ ᠶᠡᠷᠦᠩᢈᠡᠢ ᠢᠨᠵᠧᠨᠧᠷ ᠰ᠃ᠨᠡᠷᠡᢉᠦᠶᠢᠪᠠᠭᠠᠲᠤᠷ “ᠣᠷᠤᠨ ᠨᠤᠲᠤᠭ ᠠ᠋ᠴᠠ ᠲᠦᠷ ᠠᠵᠢᠯ ᠤ᠋ᠨ ᠪᠠᠶᠢᠷᠢ ᠭᠠᠷᠭᠠᠨ᠂ ᠴᠢᠨᠠᠷᠲᠠᠢ᠂ ᠪᠣᠭᠤᠨᠢ ᠬᠤᠭᠤᠴᠠᠭᠠᠨ ᠳ᠋ᠤ ᠪᠠᠷᠢᠯᠭ᠎ᠠ ᠪᠠᠨ ᠪᠠᠷᠢᠵᠤ ᠳᠠᠭᠤᠰᠬᠠᠨ᠎ᠠ” ᢉᠡᠪᠡ᠃
ᠠᠰᠢᠭᠤᠷᠰᠤ ᠶᠡᠨ ᠳᠠᠷᠬᠠᠨ ᠠᠭᠤᠯᠠ ᠠᠶᠢᠮᠠᠭ ᠳᠠᢈᠢ ᠰᠠᠯᠪᠤᠷᠢ ᠠᠨᠠᠭᠠᠬᠤ ᠤᠬᠠᠭᠠᠨ ᠤ᠋ ᠰᠤᠷᠭᠠᠭᠤᠯᠢ ᠨᠢ ᠠᠩᠬ᠎ᠠ ᠑᠙᠖᠙ ᠣᠨ ᠳ᠋ᠤ ᠦᠶᠢᠯᠡ ᠠᠵᠢᠯᠯᠠᠭ᠎ᠠ ᠪᠠᠨ ᠨᠡᢉᠡᢉᠡᠵᠦ ᠪᠠᠶᠢᠵᠡᠢ᠃ ᠡᠳᠦᢉᠡ ᠑᠐᠐᠐᠐ ᠣᠷᠴᠢᠮ ᠣᠶᠤᠲᠠᠨ ᠨᠤᠭᠤᠳ ᠢ᠋ ᠲᠡᢉᠦᠰᢈᠡᠨ ᠭᠠᠷᠭᠠᠭᠰᠠᠨ ᠪᠠᠶᠢᠨ᠎ᠠ᠃