᠒᠐᠑᠘᠂᠐᠘᠂᠒᠗ ᠨ ᠤ᠋ ᠡᠳᠦᠷ ᠦ᠋ᠨ ᠰᠢᠭᠤᠷᠬᠠᠢ ᠬᠤᠷᠠᠯ ᠤ᠋ᠨ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠘ ᠳ᠋ᠤᠭᠠᠷ ᠰᠠᠷ᠎ᠠ ᠶ᠋ᠢᠨ ᠒᠗                             № ᠒᠗                                   ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠘ ᠳ᠋ᠤᠭᠠᠷ ᠰᠠᠷ᠎ᠠ ᠶ᠋ᠢᠨ ᠒᠗᠎ᠠ ᠨᠠ ᠡᠳᠦᠷ ᠦ᠋ᠨ ᠐᠘ ᠴᠠᠭ ᠓᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠶ᠋ᠢᠨ ᠣᠷᠤᠯᠠᠭᠴᠢ ᠲᠥ᠃ᠭᠠᠩᠪᠣᠯᠤᠳ᠂ ᠠ᠃ᠲᠦᠪᠰᠢᠨᠪᠠᠲᠤ ᠤᠳᠤᠷᠢᠳᠴᠤ᠂ ᠬᠤᠷᠠᠯ ᠳ᠋ᠤ ᠨᠡᠶᠢᠲᠡ ᠑᠘ ᠤᠳᠤᠷᠢᠳᠬᠤ ᠠᠯᠪᠠᠨ ᠲᠤᠰᠢᠶᠠᠯᠲᠠᠨ ᠨᠤᠭᠤᠳ ᠣᠷᠤᠯᠴᠠᠬᠤ ᠠ᠋ᠴᠠ ᠑᠖ ᠣᠷᠤᠯᠴᠠᠵᠤ ᠬᠤᠷᠠᠯᠳᠤᠭᠠᠨ ᠤ᠋ ᠢᠷᠡᠴᠡ ᠘᠘᠂᠘ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ᠂ ᠠᠯᠪᠠ᠂ ᠰᠤᠮᠤᠳ ᠤ᠋ᠨ ᠳᠠᠷᠤᠭ᠎ᠠ ᠨᠠᠷ ᠥᠩᢉᠡᠷᠡᢉᠰᠡᠨ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯ ᠳ᠋ᠤ ᠣᠷᠤᠯᠴᠠᠭᠰᠠᠨ ᢈᠡᠯᠲᠡᠰ᠂ ᠠᠯᠪᠠᠳ᠂ ᠰᠤᠮᠤᠳ ᠤ᠋ᠨ ᠳᠠᠷᠤᠭ᠎ᠠ ᠨᠠᠷ ᠥᠩᢉᠡᠷᠡᢉᠰᠡᠨ ᠗ ᠬᠣᠨᠤᠭ ᠲᠤ ᢈᠢᢉᠰᠡᠨ ᠠᠵᠢᠯ ᠤ᠋ᠨ ᠲᠠᠶᠢᠯᠤᠨ ᠢ᠋ ᠲᠠᠨᠢᠯᠴᠠᠭᠤᠯᠪᠠ᠃

ᠠᠰᠠᠭᠤᠯᠲᠠ᠂ ᠬᠠᠷᠢᠭᠤᠯᠲᠠ:

ᠠ᠃ᠲᠦᠪᠰᠢᠨᠪᠠᠲᠤ: ᠲᠥᠷᠦ ᠶ᠋ᠢᠨ ᠦᠢᠯᠡᠴᠢᠯᠡᢉᠡᠨ ᠦ᠋ ᠨᠢᢉᠡᠳᠦᢉᠰᠡᠨ ᠲᠥᠪ ᠂ ᠪᠠᠭ ᠤ᠋ᠨ ᠲᠥᠪ ᠲᠡᠢ ᠬᠣᠯᠪᠤᠭ᠎ᠠ ᠲᠠᠢ “ᠨᠣᠮᠠᠳ᠋ᠰ” ᠷᠧᠰᠲ᠋ᠤᠷᠠᠨ ᠤ᠋ ᠬᠠᠷᠢᠭᠤᠴᠠᠭᠰᠠᠨ ᢈᠦᠮᠦᠨ ᠲᠡᠢ ᠣᠴᠢᠵᠤ ᠠᠭᠤᠯᠵᠠᠭᠰᠠᠨ᠃ ᠦᠨ᠎ᠡ ᠶ᠋ᠢᠨ ᠬᠤᠪᠢ ᠳ᠋ᠤ ᠲᠣᢈᠢᠷᠠᠴᠢᠪᠠᠯ ᠪᠣᠯᠬᠤ ᠶᠠᠭᠤᠮ᠎ᠠ ᠪᠠᠶᠢᠯ᠎ᠡ᠃ ᠡᢈᠢᠯᠡᢉᠡᠳ ᢈᠡᠯᠡᢉᠰᠡᠨ ᠦᠨ᠎ᠡ ᠨᠢ ᠗᠐᠐ ᢈᠡᠳᠦᠨ ᠰᠠᠶ᠎ᠠ ᢉᠡᠰᠡᠨ ᠪᠢ ᠕᠕᠐ ᠰᠠᠶ᠎ᠠ ᠠ᠋ᠴᠠ ᠳᠡᢉᠡᢉᠰᠢ ᠠᠪᠬᠤ ᠪᠣᠯᠤᠮᠵᠢ ᠦᢉᠡᠢ ᢉᠡᠳᠡᢉ ᠢ᠋ᠶᠡᠨ ᢈᠡᠯᠡᢉᠰᠡᠨ᠃ ᠡᢉᠦᠨ ᠢ᠋ ᠪᠡᠨ ᠤᠶᠢᠬᠤ ᠤ᠋ᠨ ᢉᠡᠰᠢᢉᠦᠨ ᠪ᠃ᠪᠠᠲᠤᠲᠡᠮᠦᠷᠲᠦ ᠤᠯᠠᠮᠵᠢᠯᠠᠭᠰᠠᠨ᠃ ᢉᠡᠰᠢᢉᠦᠨ ᠪᠠᠭ ᠤ᠋ᠨ ᠦᠢᠯᠡᠴᠢᠯᠡᢉᠡᠨ ᠲᠥᠪ ᢉᠡᠳᠡᢉ ᠪᠠᠶᠢᠳᠠᠯ ᠢ᠋ᠶᠠᠷ ᠠᠰᠢᠭᠯᠠᠪᠠᠯ ᢉᠦᠢᠴᠡᠳᢈᠡᢈᠦ ᠪᠣᠯᠤᠮᠵᠢ ᠲᠠᠢ ᠶᠠᠭᠤᠮ᠎ᠠ ᠪᠠᠶᠢᠨ᠎ᠠ ᢉᠡᢉᠰᠡᠨ᠃ ᠔᠂ ᠕᠂ ᠥᠷᢉᠦᢉᠡ ᠪᠠᠭ ᠤ᠋ᠳ ᠢ᠋ᠶᠠᠨ ᠨᠡᠶᠢᠯᠡᢉᠦᠯᠦᢉᠡᠳ ᠣᠷᠤᠭᠤᠯᠬᠤ᠃

ᠣᠷᠤᠰ ᠤ᠋ᠨ ᠴᠡᠴᠡᠷᠯᠢᢉ ᠪᠠᠶᠢᠵᠤ ᠪᠠᠶᠢᠭᠠᠳ ᠬᠠᠭᠤᠴᠢᠨ ᠫᠷᠣᠻᠦ᠋ᠷᠣᠷ ᠪᠠᠶᠢᠭᠰᠠᠨ ᠪᠠᠷᠢᠯᠭ᠎ᠠ ᠶ᠋ᠢ ᠵᠠᠰᠠᠭᠤᠯᠢᠶ᠎ᠠ ᢉᠡᠰᠡᠨ ᠪᠣᠯᠪᠠᠴᠤ ᠬᠠᠰᠤᠭᠳᠠᠭᠰᠠᠨ ᠪᠠᠶᠢᠨ᠎ᠠ᠃ ᠥᠮᠴᠢᠯᠡᠯ ᠲᠣᠳᠤᠷᠬᠠᠢ ᠦᢉᠡᠢ ᠤᠴᠢᠷ ᠠ᠋ᠴᠠ ᠶᠡᢈᠡ ᢈᠡᠮᠵᠢᠶᠡᠨ ᠦ᠋ ᠵᠠᠰᠠᠪᠤᠷᠢ ᠶ᠋ᠢᠨ ᠵᠠᠷᠤᠳᠠᠯ ᠭᠠᠷᠭᠠᠬᠤ ᠪᠣᠯᠤᠮᠵᠢ ᠦᢉᠡᠢ ᢉᠡᠳᠡᢉ ᠪᠠᠶᠢᠳᠠᠯ ᠢ᠋ᠶᠠᠷ ᠰᠠᠩ ᠤ᠋ᠨ ᠶᠠᠮᠤ ᠪᠤᠴᠠᠭᠠᠭᠰᠠᠨ ᠪᠠᠶᠢᠨ᠎ᠠ᠃ ᠲᠡᠶᠢᠮᠦ ᠤᠴᠢᠷ ᠠ᠋ᠴᠠ ᠣᠳᠤ ᠬᠤᠳᠠᠯᠳᠤᠵᠤ ᠠᠪᠬᠤ ᠲᠠᠯ᠎ᠠ ᠳᠡᢉᠡᠷ᠎ᠡ ᠠᠵᠢᠯᠯᠠᠬᠤ᠂ ᠭᠠᠷᠴᠠ ᠭᠠᠷᠭᠠᠯᠭ᠎ᠠ ᠭᠠᠷᠭᠠᠬᠤ᠂ ᢈᠥᢉᠡᢉᠡᠴᠡᠯᠳᠦᢈᠦ ᢈᠡᠷᠡᢉᠲᠡᠢ ᠪᠠᠶᠢᠨ᠎ᠠ᠃ ᠒᠐᠑᠙ ᠣᠨ ᠤ᠋ ᠲᠥᠰᠦᠪ ᠲᠦ ᠰᠠᠭᠤᠯᠭᠠᠴᠢᠪᠠᠯ ᠨᠢᢉᠡ ᠲᠣᠮᠤ ᠠᠵᠢᠯ ᠪᠣᠯᠤᠨ᠎ᠠ᠃

ᠲᠥ᠃ᠭᠠᠩᠪᠣᠯᠤᠳ: ᠠᠶᠢᠮᠠᠭ ᠤ᠋ᠨ ᠢᠲ᠋ᠾᠢ ᠤ᠋ᠨ ᠬᠤᠷᠠᠯᠳᠤᠭᠠᠨ ᠒᠐᠑᠘᠂᠐᠙᠂᠑᠗᠆ ᠶ᠋ᠢᠨ ᠡᠳᠦᠷ ᠬᠤᠷᠠᠯᠳᠤᠨ᠎ᠠ᠃ ᠰᠦᠮ᠎ᠡ ᢈᠡᠶᠢᠳ ᠦ᠋ᠨ ᠵᠥᠪᠰᠢᠶᠡᠷᠡᠯ ᠣᠯᠭᠠᠬᠤ ᠵᠢᠷᠤᠮ᠂ ᠠᠦᠲ᠋ᠤ ᠲᠡᢉᠡᢉᠡᠪᠦᠷᠢ ᠶ᠋ᠢᠨ ᠮᠠᠰᠲ᠋ᠧᠷ ᠲᠥᠯᠦᠪᠯᠡᢉᠡ ᠨᠢᠳᠤᠨᠤᠨ ᠡᠪᠦᠯ ᠑ ᠰᠠᠷ᠎ᠠ ᠳ᠋ᠤ ᢉᠡᠷ᠎ᠡ ᢈᠢᢉᠰᠡᠨ ᠣᠳᠤ ᢈᠦᠷᠲᠡᠯ᠎ᠡ ᠪᠠᠶᠢᠬᠤ ᠦᢉᠡᠢ ᠬᠣᠯᠪᠤᠭ᠎ᠠ ᠪᠠᠷᠢᠭᠠᠳ ᠡᠨᠡ ᠬᠤᠷᠠᠯ ᠳ᠋ᠤ ᠣᠷᠤᠭᠤᠯ ᢉᠡᠵᠦ ᢈᠡᠯᠡᢈᠦ ᢈᠡᠷᠡᢉᠲᠡᠢ ᠪᠠᠶᠢᠨ᠎ᠠ᠃ /ᠬᠣᠬᠤᠪᠲᠤᠬᠤ ᠆ ᠤ᠋ᠨ ᠳᠠᠷᠤᠭ᠎ᠠ ᠫ᠃ᠪᠠᠲᠤᠰᠦ᠋ᢈᠡ/ “ᠠᠷᠲᠠ” ᠻᠣᠨᠰᠲ᠋ᠷᠠᠻᠰᠢᠨ ᠤ᠋ ᢈᠢᠵᠦ ᠪᠠᠶᠢᠭ᠎ᠠ ᠶᠡᠷᠦᠩᢈᠡᠢ ᠲᠥᠯᠦᠪᠯᠡᢉᠡ ᠪᠣᠯᠤᠨ “ᠨᠣᠭᠤᠭᠠᠨ ᢈᠥᢉᠵᠢᠯ ᠦ᠋ᠨ ᢈᠥᠲᠦᠯᠪᠦᠷᠢ” ᠬᠤᠷᠠᠯ ᠢ᠋ᠶᠠᠷ ᠣᠷᠤᠬᠤ ᠶᠠᠭᠤᠮ᠎ᠠ ᠪᠤᠨ ᠲᠡᠷᠢᢉᠦᠯᠡᢉᠴᠢᠳ ᠢ᠋ᠶᠡᠷ ᠣᠷᠬᠤ ᠶᠠᠭᠤᠮ᠎ᠠ ᢉᠡᠳᠡᢉ ᠢ᠋ ᠬᠠᠷᠢᠭᠤᠴᠠᠭᠰᠠᠨ ᢈᠡᠯᠲᠡᠰ ᠦ᠋ᠳ ᠱᠠᠭᠠᠷᠳᠠᠵᠤ ᠣᠷᠤᠭᠤᠯᠬᠤ ᢈᠡᠷᠡᢉᠲᠡᠢ ᠪᠠᠶᠢᠨ᠎ᠠ᠃

ᠳᠠᢈᠢᠨ ᠲᠥᠯᠦᠪᠯᠡᠯᠲᠡ ᠶ᠋ᠢᠨ ᠠᠰᠠᠭᠤᠳᠠᠯ ᠢ᠋ᠶᠠᠷ ᠔᠆ ᠷ ᠪᠠᠭ ᠳᠡᢉᠡᠷ᠎ᠡ ᢉᠦᠶᠢᠴᠡᠳᢈᠡᢉᠴᠢ ᠻᠣᠮᠫᠠᠨᠢ ᠨᠢ ᠢᠷᠡᢉᠰᠡᠨ ᠪᠠᠶᠢᠭ᠎ᠠ ᠭᠠᠷᠤᠭᠠᠳ ᠬᠣᠶᠠᠭᠤᠯᠠ ᠪᠠᠨ ᠠᠭᠤᠯᠵᠠᠯᠲᠠ ᢈᠢᠨ᠎ᠡ᠃ / ᠬᠣᠬᠠᠪᠲᠤᠬᠤ/

“ᠵᠢᢉᠦᠷ” ᠴᠣᠭᠴᠠᠯᠠᠪᠤᠷᠢ ᠰᠤᠷᠭᠠᠭᠤᠯᠢ᠂ ᠒᠑ ᠆ ᠷ ᠴᠡᠴᠡᠷᠯᠢᢉ ᠦ᠋ᠨ ᠠᠷᠤ ᠳ᠋ᠤ ᠨᠥᢈᠦᠨ ᠰᠡᠷᢉᠦᢉᠡᠯᠲᠡ ᠶ᠋ᠢᠨ ᠠᠵᠢᠯ ᠶᠠᠭᠤ ᠪᠣᠯᠵᠤ ᠪᠠᠶᠢᠨ᠎ᠠ᠃ ᢈᠢᠴᠢᠶᠡᠯ ᠰᠤᠷᠭᠠᠭᠤᠯᠢ ᠡᢈᠢᠯᠡᢈᠦ ᠡᠴᠡ ᠡᠮᠦᠨ᠎ᠡ ᢈᠢᠵᠦ ᠳᠠᠭᠤᠰᠬᠤ ᠶᠣᠰᠤᠲᠠᠢ᠃ /ᠵᠠ/

ᠬᠠᠷᠢᠭᠤᠯᠲᠠ ᠪᠠᠲᠤᠰᠠᠶᠢᠬᠠᠨ: “ᠵᠢᢉᠦᠷ” ᠴᠣᠭᠴᠠᠯᠠᠪᠤᠷᠢ ᠰᠤᠷᠭᠠᠭᠤᠯᠢ ᠶ᠋ᠢᠨ ᠤᠷᠳᠤ ᠲᠡᢉᠰᠢᠯᠡᢉᠡ ᢈᠢᢉᠰᠡᠨ ᠪᠠᠶᠢᠭ᠎ᠠ᠂ ᠲᠥᠰᠦᠯ ᠦ᠋ᠨ ᢈᠦᠷᠢᠶ ᠡᠨ ᠳ᠋ᠦ ᠳᠠᢈᠢᠨ ᠰᠢᠨ᠎ᠡ ᠬᠤᠳᠳᠤᠭ ᠭᠠᠷᠴᠤ ᠬᠠᠭᠤᠴᠢᠨ ᠪᠣᢈᠢᠷ ᠢ᠋ᠶᠠᠨ ᠬᠣᠯᠪᠤᠬᠤ ᠶᠠᠭᠤᠮ᠎ᠠ᠃ ᠲᠡᠷᠡ ᠪᠣᠯᠲᠠᠯ᠎ᠠ ᠰᠢᠷᠤᠢ ᠪᠠᠷ ᠢ᠋ᠶᠠᠨ ᠪᠠᠶᠢᠬᠤ ᠪᠣᠯᠤᠨ᠎ᠠ ᢉᠡᢉᠰᠡᠨ ᠰᠠᠨᠠᠯ ᠢᠷᠡᢉᠰᠡᠨ᠃

ᠲᠥ᠃ᠭᠠᠩᠪᠣᠯᠤᠳ: ᢈᠡᠯᠡ ᠠᠮᠠ ᠲᠠᠲᠠᠯᠠᠬᠤ ᠪᠠᠷ ᠦᢉᠡᠢ ᠤᠨᠠᠬᠤ ᠪᠠᠷ ᠦᢉᠡᠢ ᠣᠷᠴᠢᠨ ᠪᠦᠷᠢᠳᠦᢉᠦᠯᠦᢉᠰᠡᠨ ᠪᠠᠶᠢᠬᠤ ᠶᠣᠰᠤᠲᠠᠢ ᠰᠢᠦ᠃ ᠶᠡᢈᠡ ᠰᠤᠷᠭᠠᠭᠤᠯᠢ ᠶ᠋ᠢᠨ ᠭᠤᠳᠤᠮᠵᠢᠨ ᠤ᠋ ᠵᠠᠮ ᠤ᠋ᠨ ᠨᠥᢈᠦᢉᠡᠰᠦᠨ ᠦ᠋ ᠠᠵᠢᠯ ᠶᠠᠭᠤ ᠪᠣᠯᠵᠤ ᠪᠠᠶᠢᠨ᠎ᠠ᠃ /ᠳᠣᢈᠢᠪᠠᠭ᠎ᠠ ᠶᠠᠨ ᠳᠠᠷᠤᠭ᠎ᠠ ᠪᠠᠲᠤᠰᠠᠶᠢᠬᠠᠨ/

ᠬᠠᠷᠢᠭᠤᠯᠲᠠ ᠪᠠᠲᠤᠰᠠᠶᠢᠬᠠᠨ: ᠶᠡᢈᠡ ᠰᠤᠷᠭᠠᠭᠤᠯᠢ ᠶ᠋ᠢᠨ ᠭᠤᠳᠤᠮᠵᠢᠨ ᠤ᠋ ᠵᠠᠮ ᠤ᠋ᠨ ᠨᠥᢈᠦᢉᠡᠰᠦᠨ ᠦ᠋ ᠠᠵᠢᠯ ᢈᠢᢉᠳᠡᠵᠦ ᠪᠠᠶᠢᠭ᠎ᠠ ᠮᠥᠨ ᠠᠰᠢᢉᠦᠰᠦ ᠶᠢᠨ ᠤᠷᠳᠤ ᠵᠠᠮ ᠤ᠋ᠨ ᠠᠰᠹᠠᠯᠲ ᠢ᠋ ᠬᠠᠭᠤᠯᠤᠭᠠᠳ ᠲᠡᢉᠰᠢᠯᠡᢉᠰᠡᠨ ᠪᠠᠶᠢᠭ᠎ᠠ᠃

ᠲᠥ᠃ᠭᠠᠩᠪᠣᠯᠤᠳ: ᠡᠨᠡ ᠠᠵᠢᠯ ᠢ᠋ ᠠᠯᠢ ᠠᠯᠢᠨ ᠢ᠋ ᠨᠢ ᠥᠨᠦ ᠮᠠᠷᠭᠠᠰᠢ ᠦᢉᠡᠢ ᠳᠠᠭᠤᠰᠬᠠᠬᠤ ᠶᠣᠰᠤ ᠲᠠᠢ᠃ /ᠳᠣᢈᠢᠪᠠᠭ᠎ᠠ ᠶᠠᠨ ᠳᠠᠷᠤᠭ᠎ᠠ ᠪᠠᠲᠤᠰᠠᠶᠢᠬᠠᠨ/

ᠲᠥ᠃ᠭᠠᠩᠪᠣᠯᠤᠳ: ᠵᠢᢉᠦᠷ” ᠴᠣᠭᠴᠠᠯᠠᠪᠤᠷᠢ ᠰᠠᠭᠤᠷᠭᠠᠭᠤᠯᠢ ᠶ᠋ᠢᠨ ᠲᠧᠨᠳᠧᠷ ᠢ᠋ᠶᠡᠨ ᠯᠠᠪᠯᠠᠬᠤ ᢈᠡᠷᠡᢉᠲᠡᠢ ᠪᠠᠶᠢᠨ᠎ᠠ᠃ ᠒ ᠳᠠᢈᠢ ᠨᠡᢉᠡᢉᠡᠯᠲᠡ ᠨᠢ ᠒᠐᠑᠘᠂᠐᠘᠂᠑᠓ ᠨ ᠳ᠋ᠤ ᠨᠡᢉᠡᢉᠡᢉᠰᠡᠨ ᠪᠠᠶᠢᠬᠤ ᠶᠣᠰᠤᠲᠠᠢ ᠃ /ᠬᠣᠬᠤᠪᠲᠤᠬᠤ ᠆ ᠤ᠋ᠨ ᠳᠠᠷᠤᠭ᠎ᠠ ᠫ᠃ᠪᠠᠲᠤᠰᠦ᠋ᢈᠡ/

ᠬᠠᠷᠢᠭᠤᠯᠲᠠ ᠨ᠃ᠴᠠᠰᠤᠴᠢᢈᠡᠷ: ᠒᠐᠑᠘᠂᠐᠘᠂᠒᠔᠆ ᠶ᠋ᠢᠨ ᠡᠳᠦᠷ ᠪᠣᠯᠤᠭᠠᠳ ᠲᠣᢈᠢᠷᠠᠭᠰᠠᠨ᠃ ᠨᠢᠮᠠᠳᠠᠸᠠ ᠴᠢᢉᠯᠡᠯ ᠢᠷᠡᢈᠦ ᠪᠡᠷ ᠬᠣᠯᠪᠤᠭᠳᠠᠶ᠎ᠠ ᢉᠡᢉᠰᠡᠨ᠃

ᠲᠥ᠃ᠭᠠᠩᠪᠣᠯᠤᠳ᠃ ᠰᠤᠮᠤᠳ ᠲᠤ ᠒ ᠠᠯᠪᠠᠨ ᠳᠠᠭᠠᠭᠠᠯᠭᠠᠪᠤᠷᠢ ᠭᠠᠷᠴᠤ ᠪᠠᠶᠢᠭ᠎ᠠ᠃ ᠨᠢᢉᠡ ᠨᠢ ᠦᠶᠡᠷ ᠤᠰᠤ ᠣᠨᠴᠤᠭᠤᠢ ᠪᠠᠶᠢᠳᠠᠯ ᠤ᠋ᠨ ᠱᠤᠭᠤᠮ ᠢ᠋ᠶᠠᠷ᠂ ᠬᠣᠶᠠᠷ ᠳᠠᢈᠢ ᠨᠢ ᠡᠪᠦᠯᠵᠢᠯᠲᠡ ᠶ᠋ᠢᠨ ᠲᠠᠯᠠᠭᠠᠷ ᠠᠯᠪᠠᠨ ᠳᠠᠭᠠᠭᠠᠯᠭᠠᠪᠤᠷᠢ ᠶ᠋ᠢ ᢈᠦᠷᢈᠡᢉᠦᠯᠦᠨ᠎ᠡ᠃ ᠰᠤᠮᠤᠳ ᠤ᠋ᠳ ᠬᠠᠮᠲᠤᠷᠠᠵᠤ ᠠᠵᠢᠯᠯᠠᠨ᠎ᠠ᠃ ᠳᠡᠳ ᠪᠦᠲᠦᠴᠡ ᠶ᠋ᠢᠨ ᠪᠠᠶᠢᠭᠤᠯᠤᠯᠭ᠎ᠠ ᠨᠤᠭᠤᠳ ᠲᠤ ᠷᠠᠪᠵᠠᠶᠢᠳᠡᠯᢉᠡᠷᠡᢈᠦ ᠳᠠᠷᠤᠭ᠎ᠠ ᢈᠢᠨᠠᠯᠲᠠ ᠲᠠᠯᠪᠢᠬᠤ᠃ /ᠵᠠ/

ᠲᠥ᠃ᠭᠠᠩᠪᠣᠯᠤᠳ: ᠒᠐᠑᠘᠂᠐᠙᠂᠐᠕᠆ ᠶ᠋ᠢᠨ ᠡᠳᠦᠷ ᠤᠰᠤ ᠰᠤᠪᠠᠭ ᠤ᠋ᠨ ᠲᠥᠰᠦᠯ ᠦ᠋ᠨ ᠨᠢᢉᠡᠴᠡ ᠶ᠋ᠢᠨ ᠬᠤᠷᠠᠯ ᠲᠠᠢ ᠪᠡᠯᠡᠳᢈᠡᠯ ᠠᠵᠢᠯ ᠢ᠋ ᠬᠠᠩᠭᠠᠷᠠᠢ᠃ /ᠵᠠ᠂ ᠬᠣᠬᠤᠪᠲᠤᠬᠤ/

ᠲᠥ᠃ᠭᠠᠩᠪᠣᠯᠤᠳ: ᠡᠨᠡ ᠳᠣᠯᠤᠭ᠎ᠠ ᠬᠣᠨᠤᠭ ᠲᠤ ᠶᠠᠮᠤᠳ ᠤ᠋ᠳ ᠰᠠᠩ ᠤ᠋ᠨ ᠶᠠᠮᠤᠨ ᠳᠡᢉᠡᠷ᠎ᠡ ᠢᠷᠡᢈᠦ ᠣᠨ ᠤ᠋ ᠲᠥᠰᠦᠪ ᠦ᠋ᠨ ᠲᠥᠰᠦᠯ ᠢ᠋ᠶᠡᠨ ᠬᠠᠮᠠᠭᠠᠯᠠᠨ᠎ᠠ᠃ ᠶᠠᠮᠤ ᠶᠠᠭᠠᠮᠠᠷᠠᠤ ᠪᠠᠨ ᠬᠠᠨᠳᠤᠵᠤ ᠬᠠᠮᠲᠤᠷᠠᠵᠤ ᠬᠠᠮᠠᠭᠠᠯᠠᠬᠤ ᠶᠣᠰᠤᠲᠠᠢ᠃ ᠰᠠᠩ ᠤ᠋ᠨ ᠶᠠᠮᠤᠨ ᠳᠡᢉᠡᠷ᠎ᠡ ᠱᠠᠭᠠᠷᠳᠠᠯᠭᠠᠲᠠᠢ ᠪᠣᠯ ᠡᠨᠡ ᠳᠣᠯᠤᠭ᠎ᠠ ᠠᠵᠢᠯᠯᠠᠬᠤ ᢈᠡᠷᠡᢉ ᠭᠠᠷᠤᠨ᠎ᠠ᠃ ᠭᠣᠣᠯ ᠨᠢ ᠪᢈᠢᠶ᠎ᠠ᠂ ᠵᠠᠲᠠᢈᠢᠶ᠎ᠠ᠂ ᠡᠮᠢᠶᠢᠪᠰᠰᠢᠰ ᠦ᠋ ᠡᠨᠡ ᠔ ᠶᠠᠮᠤ ᠪᠠᠶᠢᠭ᠎ᠠ᠃ ᠪᠤᠰᠤᠳ ᠨᠢ ᠭᠠᠶᠢᢉᠦᠢ ᠪᠠᠶᠢᠬᠤ᠃

ᠲᠥ᠃ᠭᠠᠩᠪᠣᠯᠤᠳ: ᢈᠡᠦᢈᠡᠳ ᠦ᠋ᠨ ᠠᠦᠲ᠋ᠤᠪᠦᠰ ᠳᠡᢉᠡᠷ᠎ᠡ ᠮᠠᠷᠱᠷᠦᠲ ᠤ᠋ᠨ ᠰᠢᠨᠡᠴᠢᠯᠡᠯᠲᠡ ᠭᠠᠷᠭᠠᠬᠤ ᠶᠣᠰᠤ ᠲᠠᠢ᠃ ᠮᠠᠷᠱᠷᠦ᠋ᠲ ᠢ᠋ᠶᠠᠨ ᠭᠠᠷᠭᠠᠵᠤ ᠦᠵᠡᢉᠡᠳ ᢈᠦᠴᠦᠨ ᠴᠢᠳᠠᠯ ᠨᠢ ᢈᠦᠷᠴᠦ ᠪᠠᠶᠢᠨ᠎ᠠ ᠤᠤ ᠦᢉᠡᠢ ᠶᠠᠭᠤ ᠳᠠᠷᠬᠠᠨ ᠰᠤᠮᠤ ᠲᠠᠢ ᠬᠠᠮᠲᠤᠷᠠᠵᠤ ᠭᠠᠷᠭᠠᠭᠠᠷᠠᠢ᠃ ᠰᠢᠨ᠎ᠡ ᠵᠠᠮ ᠲᠠᠢ ᠪᠠᠨ ᠬᠣᠯᠪᠤᠭ᠎ᠠ ᠲᠠᠢ ᠵᠢᠷᠤᠭ ᠤ᠋ᠨ ᠲᠥᠰᠦᠯ ᢈᠢᢈᠦ ᢈᠡᠷᠡᢉᠲᠡᠢ ᠪᠠᠶᠢᠨ᠎ᠠ᠃ ᠒᠐᠑᠘᠂᠐᠙᠂᠐᠑ ᠶ᠋ᠢᠨ ᠡᠳᠦᠷ ᠡᠴᠡ ᠰᠢᠨ᠎ᠡ ᠵᠠᠮ ᠢ᠋ᠶᠠᠷ ᠵᠣᠷᠴᠢᠵᠤ ᠡᢈᠢᠯᠡᢈᠦ ᠶᠣᠰᠤᠲᠠᠢ᠃ /ᠬᠣᠬᠤᠪᠲᠤᢈᠦ᠂ ᠳᠠᠷᠬᠠᠨ ᠰᠤᠮᠤ/

ᠲᠥ᠃ᠭᠠᠩᠪᠣᠯᠤᠳ: ᠴᠠᠭᠳᠠᠭ᠎ᠠ ᠶ᠋ᠢᠨ ᠭᠠᠵᠠᠷ ᠤ᠋ᠨ ᠻᠠᠮᠧᠷᠵᠢᠭᠤᠯᠤᠯᠲᠠ ᠶ᠋ᠢ ᠰᠢᠯᠭᠠᠬᠤ ᠲᠠᠢ ᠬᠣᠯᠪᠤᠭ᠎ᠠ ᠲᠠᠢ ᠠᠵᠢᠯ ᠤ᠋ᠨ ᢈᠡᠰᠡᢉ ᠭᠠᠷᠭᠠᠭᠠᠳ ᠲᠥᠰᠦᠯ ᠪᠢᠴᠢᢉᠡᠳ ᠲᠠᠨᠢᠯᠴᠠᠭᠤᠯᠤᠭᠠᠷᠠᠢ᠃ /ᢈᠡᠵᠡᢈᠦ/

ᠬᠤᠷᠠᠯ ᠐᠙᠂᠔᠕ ᠴᠠᠭ ᠲᠤ ᠳᠠᠭᠤᠰᠪᠠ᠃

ᠲᠠᠨᠢᠯᠴᠠᠭᠰᠠᠨ:

ᠵᠠᠰᠠᠭ ᠳᠠᠷᠤᠭ᠎ᠠ ᠶ᠋ᠢᠨ ᠣᠷᠤᠯᠠᠭᠴᠢ ᠲᠥ᠃ᠭᠠᠩᠪᠣᠯᠤᠳ

ᢈᠢᠨᠠᠭᠰᠠᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ

ᠨᠢᢉᠡᠳᢈᠡᢉᠰᠡᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠮᠡᠷᢉᠡᠵᠢᠯᠲᠡᠨ: ᠶ᠎ᠠ᠃ᢉᠡᠷᠡᠯᠰᠦ᠋ᢈᠡ