᠒᠐᠑᠘᠂᠐᠗᠂᠐᠒ ᠶ᠋ᠢᠨ ᠡᠳᠦᠷ ᠦ᠋ᠨ ᠰᠢᠭᠤᠷᠬᠠᠢ ᠬᠤᠷᠠᠯ ᠤ᠋ᠨ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠗ ᠳ᠋ᠤᠭᠠᠷ ᠰᠠᠷ᠎ᠠ ᠶ᠋ᠢᠨ ᠐᠒                                 № ᠒᠑                                  ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠗ ᠳ᠋ᠤᠭᠠᠷ ᠰᠠᠷ᠎ᠠ ᠶ᠋ᠢᠨ ᠐᠒ ᠶ᠋ᠢᠨ ᠡᠳᠦᠷ ᠦ᠋ᠨ ᠐᠘ ᠴᠠᠭ ᠐᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠰ᠃ᠨᠠᠰᠤᠨᠪᠠᠲᠤ ᠤᠳᠤᠷᠢᠳᠴᠤ᠂ ᠬᠤᠷᠠᠯ ᠳ᠋ᠤ ᠨᠡᠶᠢᠲᠡ ᠑᠖ ᠤᠳᠤᠷᠢᠳᠬᠤ ᠠᠯᠪᠠᠨ ᠲᠤᠰᠢᠶᠠᠯᠲᠠᠨ ᠨᠤᠭᠤᠳ ᠣᠷᠤᠯᠴᠠᠵᠤ ᠬᠤᠷᠠᠯᠳᠤᠭᠠᠨ ᠤ᠋ ᠢᠷᠡᠴᠡ ᠑᠐᠐᠂᠐ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ ᠦ᠋ᠨ ᠳᠠᠷᠤᠭ᠎ᠠ ᠨᠠᠷ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯᠳᠤᠭᠠᠨ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ:

 

ᠠᠶᠢᠮᠠᠭ ᠤ᠋ᠨ ᠵᠠᠰᠠᠭ ᠳᠠᠷᠤᠭ᠎ᠠ ᠰ᠃ᠨᠠᠰᠤᠨᠪᠠᠲᠤ

№ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠬᠠᠷᠢᠭᠤᠴᠠᠬᠤ ᠡᠵᠡᠨ
᠑᠃ ᠠᠶᠢᠮᠠᠭ ᠤ᠋ᠨ ᠢᠲ᠋ᠾᠢ ᠶᠤᠨ ᠲᠣᠭᠲᠠᠭᠠᠯ ᠪᠣᠯᠤᠨ ᠵᠠᠰᠠᠭ ᠳᠠᠷᠤᠭ᠎ᠠ ᠶ᠋ᠢᠨ ᠵᠠᢈᠢᠷᠤᠮᠵᠢ ᠶ᠋ᠢᠨ ᠪᠡᠶᠡᠯᠡᠯᠲᠡ ᠶ᠋ᠢᠨ ᢈᠡᠷᠡᢉᠵᠢᠯᠲᠡ ᠶ᠋ᠢ ᠨᠢᢉᠡᠳᢈᠡᠵᠦ ᠲᠠᠨᠢᠯᠴᠠᠭᠤᠯᠬᠤ ᠲᠠᠤᠬ᠎ᠠ
᠒᠃ ᠪᠣᠯᠪᠠᠰᠤᠷᠠᠯ᠂ ᠰᠣᠶᠤᠯ ᠤᠷᠠᠯᠢᠭ ᠤ᠋ᠨ ᠭᠠᠵᠠᠷ ᠤ᠋ᠨ ᠪᠠᠶᠢᠷᠢᠨ ᠤ᠋ ᠵᠠᠰᠠᠪᠤᠷᠢ ᠶ᠋ᠢᠨ ᠠᠵᠢᠯ ᠳᠠᠭᠤᠰᠬᠤ ᠬᠤᠭᠤᠴᠠᠭ᠎ᠠ ᢈᠡᠵᠢᠶ᠎ᠡ ᠪᠤᠢ? ᠣᠨᠤᠭ᠂ ᠬᠣᠬᠪᠤᠲᠤᢈᠢ᠂ᠪᢈᠢ
᠓᠃ ᠳᠠᠷᠬᠠᠨ ᠆ ᠠᠭᠤᠯᠠ ᠠᠶᠢᠮᠠᠭ ᠲᠤ ᠦᠨᠳᠦᠰᠦᠨ ᠦ᠋ ᠶᠡᢈᠡ ᠪᠠᠶᠠᠷ ᠨᠠᠭᠠᠳᠤᠮ ᠢ᠋ ᠲᠡᠮᠳᠡᢉᠯᠡᠨ ᠥᠩᢉᠡᠷᠡᢉᠦᠯᢈᠦ ᠵᠢᠷᠤᠮ ᠪᠠᠲᠤᠯᠠᠭᠤᠯᠬᠤ ᠲᠠᠤᠬ᠎ᠠ᠂ ᢈᠡᠵᠡᢈᠦ
᠔᠃ ᠲᠦᠷ ᠬᠠᠮᠠᠭᠠᠯᠠᠬᠤ ᠪᠠᠶᠢᠷᠢ ᠠᠯᠢ ᠲᠠᠯ᠎ᠠ ᠳ᠋ᠤ ᠪᠠᠨ ᠰᠢᠢᠳᠦᢉᠳᠡᢉᠰᠡᠨ ᠪᠤᠢ? ᠣᠨᠤᠭ
᠕᠃ ᠰᠢᠯᠭᠠᠷᠠᠵᠤ ᠪᠠᠶᠢᠭ᠎ᠠ ᠠᠨ ᠳᠠᠳ ᠢ᠋ᠶᠡᠨ ᢈᠢᠨᠠᠯᠲᠠ ᠪᠠᠨ ᠰᠠᠶᠢᠨ ᠲᠠᠯᠪᠢᠬᠤ ᠮᠥᠨ ᠰᠢᠭᠤᠷᠬᠠᠢ ᠬᠤᠷᠠᠯ ᠳ᠋ᠤ ᠪᠠᠲᠤᠰᠠᠶᠢᠬᠠᠨ ᠳᠠᠷᠤᠭ᠎ᠠ ᠶ᠋ᠢ ᠣᠷᠤᠯᠴᠠᠭᠤᠯᠵᠤ ᠪᠠᠶᠢᠬᠤ ᠬᠣᠬᠠᠪᠲᠤᠬᠤ
᠖᠃ ᠪᠠᠷᠠᠭᠤᠨ ᠠᠶᠢᠮᠠᠭ ᠠ᠋ᠴᠠ ᠢᠷᠡᠵᠦ ᠪᠠᠶᠢᠭ᠎ᠠ ᠮᠠᠯ᠂ ᠮᠢᠬᠠᠨ ᠤ᠋ ᠭᠠᠷᠤᠯ ᠡᢉᠦᠰᢈᠡ ᠶ᠋ᠢᠨ ᠪᠢᠴᠢᢉ ᠪᠣᠯᠤᠨ ᢈᠦᠨᠡᠰᠦᠨ ᠦ᠋ ᠪᠦᠲᠦᢉᠡᢉᠳᠡᢈᠦᠨ ᠳ᠋ᠦ ᢈᠢᠨᠠᠯᠲᠠ ᠪᠠᠨ ᠰᠠᠶᠢᠨ ᠲᠠᠯᠪᠢᠬᠤ ᢈᠡᠵᠡᢈᠦ᠂ ᠮᠣᠭ᠂ ᠣᠪᠤᠭ᠂ ᠬᠬᠠᠭᠠᠭ
᠗᠃ ᠡᠷᠡᢉᠦᠯ ᠮᠡᠨᠳᠦ ᠶ᠋ᠢᠨ ᠭᠠᠵᠠᠷ ᠥᠨᠳᠦᠷᠵᠢᢉᠦᠯᠦᢉᠰᠡᠨ ᠪᠡᠯᠡᠨ ᠪᠠᠶᠢᠳᠠᠯ ᠢ᠋ᠶᠠᠷ ᠠᠵᠢᠯᠯᠠᠬᠤ ᢈᠡᠷᠡᢉ ᠲᠡᠢ᠃ ᠲᠤᠬᠠᠶᠢᠯᠠᠪᠠᠯ: ᠒᠐᠑᠘᠂᠐᠗᠂᠑᠐᠆᠑᠑

ᠲᠠᠨᠢᠯᠴᠠᠭᠰᠠᠨ:

ᠵᠠᠰᠠᠭ ᠳᠠᠷᠤᠭ᠎ᠠ ᠶ᠋ᠢᠨ ᠣᠷᠤᠯᠠᠭᠴᠢ ᠲᠥ᠃ᠭᠠᠩᠪᠣᠯᠤᠳ

ᢈᠢᠨᠠᠭᠰᠠᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ

ᠨᠢᢉᠡᠳᢈᠡᢉᠰᠡᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠮᠡᠷᢉᠡᠵᠢᠯᠲᠡᠨ ᠶᠠ᠃ᢉᠡᠷᠡᠯᠰᠦ᠋ᢈᠡ