᠒᠐᠑᠘᠂᠐᠖᠂᠐᠘ ᠶ᠋ᠢᠨ ᠡᠳᠦᠷ ᠦ᠋ᠨ ᠰᠢᠭᠤᠷᠬᠠᠢ ᠬᠤᠷᠠᠯ ᠤ᠋ᠨ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠲᠥᠷᠦ ᠶ᠋ᠢᠨ ᠵᠠᢈᠢᠷᠭᠠᠨ ᠤ᠋᠂ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠶ᠋ᠢᠨ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠖ ᠳ᠋ᠤᠭᠠᠷ ᠰᠠᠷ᠎ᠠ ᠶ᠋ᠢᠨ ᠐᠘ № ᠒ ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ ᢈᠡᠯᠲᠡᠰ ᠦ᠋ᠨ ᠬᠠᠷᠢᠶ᠎ᠠ ᠬᠣᠩᠭᠤᠷ ᠰᠤᠮᠤ ᠶ᠋ᠢᠨ ᠵᠠᠰᠠᠭ ᠳᠠᠷᠤᠭ᠎ᠠ ᠠᠲᠠᠷᢈᠡᠰᠢᢉ᠂ ᠣᠨᠴᠤᠭᠤᠢ ᠪᠠᠶᠢᠳᠠᠯ ᠤ᠋ᠨ ᠭᠠᠵᠠᠷ ᠤ᠋ᠨ ᠳᠠᠷᠤᠭ᠎ᠠ ᠪᠠᠲᠤᠪᠠᠶᠠᠷ ᠨᠠᠷ ᠤ᠋ᠨ ᠪᠦᠷᠢᠯᠳᠦᢈᠦᠨ ᠲᠡᠢ ᠰᠢᠭᠤᠷᠬᠠᠢ ᠬᠤᠷᠠᠯ ᠒᠐᠑᠘ ᠣᠨ ᠤ᠋ ᠐᠖ ᠳ᠋ᠤᠭᠠᠷ ᠰᠠᠷ᠎ᠠ ᠶ᠋ᠢᠨ ᠐᠘᠑ ᠶ᠋ᠢᠨ ᠡᠳᠦᠷ ᠦ᠋ᠨ ᠑᠐ ᠴᠠᠭ ᠐᠐ ᠮᠢᠨᠦᠲ ᠲᠤ ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ ᢈᠡᠯᠲᠡᠰ ᠦ᠋ᠨ ᠳᠠᠷᠤᠭ᠎ᠠ ᠶ᠋ᠢᠨ ᠥᠷᠦᢉᠡᠨ ᠳ᠋ᠦ ᠬᠤᠷᠠᠯᠳᠠᠪ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᠰᠤᠮᠤ᠂ ᠠᢉᠧᠨ᠋ᠲ᠋ᠯᠢᠭ ᠤ᠋ᠨ ᠳᠠᠷᠤᠭ᠎ᠠ ᠨᠠᠷ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯᠳᠤᠭᠠᠨ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ:

 

ᠠᠶᠢᠮᠠᠭ ᠤ᠋ᠨ ᠵᠢᠳᠲᠦᢉᠰᠠ ᠶ᠋ᠢᠨ ᠲᠵᠤᠬ᠎ᠠ ᠶᠢᠨ ᠳᠠᠷᠤᠭ᠎ᠠ ᠫ᠃ᠪᠠᠶᠠᠷᠰᠠᠶᠢᠬᠠᠨ :

 

᠃ ᠬᠤᠷᠠᠯ ᠢ᠋ᠶᠠᠷ ᠠᠶᠢᠮᠠᠭ ᠤ᠋ᠨ ᠵᠠᠰᠠᠭ ᠳᠠᠷᠤᠭ᠎ᠠ ᠳ᠋ᠤ ᠨᠡᠶᠢᠲᠡ ᠳ᠋ᠦ ᠬᠠᠮᠢᠶᠠᠷᠤᠯᠲᠠᠢ ᢈᠢᢉᠰᠡᠨ ᠠᠵᠢᠯ ᠤ᠋ᠳ᠂ ᠲᠤᠯᠭᠠᠮᠳᠠᠭᠰᠠᠨ ᠠᠰᠠᠭᠤᠳᠠᠯ ᠪᠣᠯᠤᠨ ᢈᠢᢈᠦ ᠲᠣᠮᠤᠬᠠᠨ ᠠᠷᠭ᠎ᠠ ᢈᠡᠮᠵᠢᠶ᠎ᠡ ᠨᠦ᠋ᢉᠦᠳ ᠢ᠋ᠶᠡᠨ ᠲᠠᠨᠢᠯᠴᠠᠭᠤᠯᠵᠤ ᠪᠠᠶᠢᠬᠤ ᠪᠣᠯᠤᠨ᠎ᠠ᠃

ᠣᠷᠬᠤᠨ ᠰᠤᠮᠤ ᠶ᠋ᠢᠨ ᠵᠢᠳᠲᠦ:

ᠲᠠᠶᠢᠯᠤᠨᠲᠤ ᠬᠤᠭᠤᠴᠠᠭᠠᠨ ᠳ᠋ᠤ ᠨᠡᠶᠢᠲᠡ ᠒᠕ ᠢᠷᢉᠡᠨ ᠳ᠋ᠦ ᠤᠯᠤᠰ ᠤ᠋ᠨ ᠪᠦᠷᠢᠳᢈᠡᠯ ᠦ᠋ᠨ ᠦᠶᠢᠯᠡᠴᠢᠯᠡᢉᠡ ᠶ᠋ᠢ ᠦᠵᠡᢉᠦᠯᠦᠯ᠎ᠡ᠃
ᠰᠤᠮᠤ ᠶ᠋ᠢᠨ ᠲᠠᠲᠠᠪᠤᠷᠢ ᠶ᠋ᠢᠨ ᠣᠷᠤᠯᠭ᠎ᠠ ᠐᠖ ᠳ᠋᠋ᠤᠭᠠᠷ ᠰᠠᠷ᠎ᠠ ᠶ᠋ᠢᠨ ᠐᠘᠆ ᠶ᠋ᠢᠨ ᠪᠠᠶᠢᠳᠠᠯ ᠢ᠋ᠶᠠᠷ ᠓᠕᠂᠔ ᠰᠠᠶ᠎ᠠ ᠲᠥᢉᠦᠷᠢᢉ ᠲᠥᠪᠯᠡᠷᠡᢉᠦᠯᢈᠦ ᠡᠴᠡ ᠒᠖᠂᠐ ᠰᠠᠶ᠋ᠢ ᠲᠥᢉᠦᠷᠢᢉ ᠲᠥᠪᠯᠡᠷᠡᢉᠦᠯᠵᠦ ᠗᠓᠂᠕ ᠬᠤᠪᠢᠲᠠᠢ ᠪᠠᠶᠢᠨ᠎ᠠ᠃
ᠭᠠᠵᠠᠷ ᠤ᠋ᠨ ᠲᠥᠯᠦᠪᠦᠷᠢ ᠳ᠋ᠦ ᠖ ᠰᠠᠷ᠎ᠠ ᠶ᠋ᠢᠨ ᠐᠗᠆ ᠶ᠋ᠢᠨ ᠡᠳᠦᠷ ᠦ᠋ᠨ ᠪᠠᠶᠢᠳᠠᠯ ᠢ᠋ᠶᠠᠷ ᠨᠡᠶᠢᠲᠡ ᠙᠂᠕ ᠰᠠᠶ᠋ᠢ ᠲᠥᢉᠦᠷᠢᢉ ᠲᠥᠪᠯᠡᠷᠡᢉᠦᠯᠦᢉᠰᠡᠨ ᠡᠴᠡ ᠤᠷᠢᠳᠠ ᠣᠨ ᠤ᠋ ᠲᠥᠯᠦᠪᠦᠷᠢ ᠓᠂᠒ ᠰᠠᠶᠢ ᠲᠥᢉᠦᠷᠢᢉ ᠲᠥᠪᠯᠡᠷᠡᢉᠦᠯᠦᠯ᠎ᠡ᠃
ᠰᠤᠮᠤ ᢈᠥᢉᠵᠢᢉᠦᠯᢈᠦ ᠰᠠᠩ ᠠ᠋ᠴᠠ ᠨᠡᠶᠢᠲᠡ ᠖᠐᠂᠐ ᠰᠠᠶ᠋ᠢ ᠲᠥᢉᠦᠷᠢᢉ ᠦ᠋ᠨ ᠵᠢᢉᠡᠯᠡ ᠣᠯᠭᠠᠬᠤ ᠠ᠋ᠴᠠ ᠓ ᠠᠨᠪᠠ᠂ ᠕ ᠢᠷᢉᠡᠨ ᠲᠡᠢ ᠔᠐᠂᠐ ᠰᠠᠶ᠎ᠠ ᠲᠥᢉᠦᠷᠢᢉ ᠦ᠋ᠨ ᠵᠢᢉᠡᠯᠡ ᠶ᠋ᠢᠨ ᢉᠡᠷ᠎ᠡ ᠪᠠᠶᠢᠭᠤᠯᠤᠯ᠎ᠠ᠃
ᠬᠠᠪᠤᠷ ᠤ᠋ᠨ ᠲᠠᠷᠢᠶᠠᠯᠠᠯᠲᠠ ᠡᢈᠢᠯᠡᢉᠰᠡᠨ ᠲᠡᠢ ᠬᠣᠯᠪᠤᠭᠳᠠᠭᠤᠯᠤᠨ ᠰᠤᠮᠤ ᠶ᠋ᠢᠨ ᢈᠡᠮᠵᠢᠶ ᠡᠨ ᠳ᠋ᠦ ᠑᠐᠘᠙᠂᠙ ᠭᠠ᠆ ᠳ᠋ᠤ ᠑᠑ ᠲᠥᠷᠦᠯ ᠦ᠋ᠨ ᠲᠥᠮᠦᠰᠦ ᢈᠦᠨᠡᠰᠦᠨ ᠦ᠋ ᠨᠣᠭᠤᠭ᠎ᠠ ᠲᠠᠷᠢᠶᠠᠯᠠᠭᠰᠠᠨ ᠪᠠᠶᠢᠨ᠎ᠠ᠃
ᠰᠤᠮᠤ ᠶ᠋ᠢᠨ ᠒᠐᠑᠗ ᠣᠨ ᠤ᠋ ᠣᠷᠤᠨ ᠨᠤᠲᠤᠭ ᠤ᠋ᠨ ᢈᠥᢉᠵᠢᠯ ᠦ᠋ᠨ ᠰᠠᠩ ᠤ᠋ᠨ ᠵᠠᠷᠤᠴᠠᠭᠤᠯᠤᠯᠲᠠ ᠳ᠋ᠤ ᢉᠦᠶᠢᠴᠡᠳᢈᠡᠯ ᠦ᠋ᠨ ᢈᠢᠨᠠᠯᠲᠠ ᠰᠢᠯᠭᠠᠯᠲᠠ ᠶ᠋ᠢ ᠓ ᢈᠦᠮᠦᠨ ᠦ᠋ ᠪᠦᠷᠢᠯᠳᠦᢈᠦᠨ ᠲᠡᠢ ᠢᠷᠡᠵᠦ ᠠᠵᠢᠯᠯᠠᠨ ᠣᠩᠬᠤᠰ ᠶᠡᢉᠦᠨ ᢉᠦᠶᠢᠴᠡᠳᢈᠡᠯ ᠳ᠋ᠦ ᠦᠨᠡᠯᠡᢉᠡ ᢈᠢᠵᠦ ᠠᠵᠢᠯᠯᠠᠯ᠎ᠠ᠃
ᠰᠤᠮᠤ ᠶ᠋ᠢᠨ ᠔ ᠪᠠᠶᠢᠷᠢᠰᠢᠯ ᠳ᠋ᠤ ᠣᠩᠬᠤᠰ ᠶᠠᠨ ᠒᠖᠂᠗ ᠰᠠᠶ᠎ᠠ ᠲᠥᢉᠦᠷᠢᢉ ᠦ᠋ᠨ ᢈᠥᠷᠦᠩᢉᠡ ᠪᠡᠷ ᠰᠢᠨ᠎ᠡ ᠪᠡᠷ ᠪᠠᠶᠢᠭᠤᠯᠤᠭᠳᠠᠬᠤ ᢈᠡᠦᢈᠡᠳ ᠦ᠋ᠨ ᠲᠣᠭᠯᠠᠭᠠᠮ ᠤ᠋ᠨ ᠲᠠᠯᠠᠪᠠᠢ ᠶ᠋ᠢᠨ ᠡᢈᠢᠨ ᠦ᠋ ᠡᢉᠡᠯᠵᠢ ᠪᠠᠶᠠᠨ ᠥᠯᠵᠡᠶᠢᠲᠦ ᠪᠠᠭ ᠤ᠋ᠨ ᠲᠣᠰᠬᠤᠨ ᠬᠣᠷᠢᠶᠠᠯᠠᠯ ᠳ᠋ᠤ ᠰᠠᠭᠤᠷᠢᠯᠠᠭᠤᠯᠵᠤ ᠠᠰᠢᠭᠯᠠᠯᠲᠠ ᠳ᠋ᠤ ᠣᠷᠤᠭᠤᠯᠤᠯ᠎ᠠ᠃

“ᠬᠣᠭ ᠦᢉᠡᠢ ᠰᠤᠮᠤ” ᠵᠣᠷᠢᠯᠲᠠ ᠶ᠋ᠢᠨ ᢈᠦᠷᠢᠶ ᠡᠨ ᠳ᠋ᠦ ᠶᠧᠪᠰᠰ ᠦ᠋ᠨ ᠘᠆ ᠷ ᠳᠤᠮᠳᠠ ᠰᠤᠷᠭᠠᠭᠤᠯᠢ ᠶ᠋ᠢᠨ ᠖᠆᠑᠒ ᠷ ᠠᠩ ᠤ᠋ᠨ ᠘᠐ ᠰᠤᠷᠤᠭᠴᠢᠳ ᠢ᠋ᠶᠠᠷ ᠳᠠᠷᠬᠠᠨ–ᠰᠡᠯᠡᠩᢉᠡ ᠶ᠋ᠢᠨ ᠠᠦᠲ᠋ᠤᠵᠠᠮ ᠠ᠋ᠴᠠ ᠰᠤᠮᠤ ᠶ᠋ᠢᠨ ᠲᠥᠪ ᢈᠦᠷᠲᠡᠯᠡᢈᠦ ᠵᠠᠮ ᠳᠠᠭᠠᠭᠤᢈᠢ ᠑᠐ ᠻᠮ ᠵᠠᠮ ᠤ᠋ᠨ ᠬᠣᠭ ᠢ᠋ ᠴᠡᠪᠡᠷᠯᠡᢉᠦᠯᠵᠦ ᠭᠠᠷᠤᠭᠰᠠᠨ ᠒ ᠲᠡᠪᠰᠢ ᠬᠣᠭ ᠢ᠋ ᠲᠥᠯᠦᠷᠡᢉᠰᠡᠨ ᠬᠣᠭ ᠤ᠋ᠨ ᠴᠡᢉ ᠲᠦ ᢈᠦᠷᢈᠡᠯ᠎ᠡ᠃
ᠰᠤᠮᠤ ᠶ᠋ᠢᠨ ᠵᠠᠰᠠᠭ ᠳᠠᠷᠤᠭ᠎ᠠ ᠶ᠋ᠢᠨ “ᠬᠠᠭᠠᠰ ᠵᠢᠯ ᠦ᠋ᠨ ᠮᠠᠯ ᠲᠣᠭᠠᠯᠠᠯᠭ᠎ᠠ ᠶᠠᠪᠤᠭᠤᠯᠬᠤ ᠲᠤᠬᠠᠢ” ᠠ/᠗᠓ ᠳ᠋ᠤᠭᠠᠷ ᠵᠠᢈᠢᠷᠤᠮᠵᠢ ᠪᠠᠷ ᠘ ᢈᠦᠮᠦᠨ ᠦ᠋ ᠪᠦᠷᠢᠯᠳᠦᢈᠦᠨ ᠲᠡᠢ ᠠᠵᠢᠯ ᠤ᠋ᠨ ᢈᠡᠰᠡᢉ ᠲᠣᠮᠢᠯᠠᠭᠳᠠᠨ ᠮᠠᠯ ᠲᠣᠭᠠᠯᠠᠯᠭ᠎ᠠ ᢈᠢᠵᠦ ᠠᠵᠢᠯᠯᠠᠯ᠎ᠠ᠃
ᠲᠤᠯᠭᠠᠮᠳᠠᠭᠰᠠᠨ ᠠᠰᠠᠭᠤᠳᠠᠯ:
ᠰᠤᠮᠤ ᠶ᠋ᠢᠨ ᠰᠣᠶᠤᠯ ᠤ᠋ᠨ ᠲᠥᠪ ᠦ᠋ᠨ ᠳᠣᠲᠤᠷ᠎ᠠ ᠪᠣᠯᠤᠨ ᠭᠠᠳᠠᠨ᠎ᠠ ᠵᠠᠰᠠᠪᠤᠷᠢ ᠶ᠋ᠢᠨ ᠠᠵᠢᠯ
ᠴᠠᠭᠳᠠᠭ᠎ᠠ ᠶ᠋ᠢᠨ ᠻᠠᠪᠤᠨ ᠤ᠋ ᠵᠠᠰᠠᠪᠤᠷᠢ
᠔᠐ ᠰᠠᠶ᠎ᠠ ᠲᠥᢉᠦᠷᠢᢉ ᠦ᠋ᠨ ᠲᠥᠰᠦᠪ ᠲᠦ ᠥᠷᠲᠡᢉ ᠱᠠᠭᠠᠷᠳᠠᠭᠳᠠᠬᠤ ᠳᠤᠯᠠᠭᠠᠨ ᠤ᠋ ᠱᠤᠭᠤᠮ ᠵᠠᠰᠠᠪᠤᠷᠢ

ᠰᠢᠷ᠎ᠠ ᠶ᠋ᠢᠨ ᠭᠣᠣᠯ ᠰᠤᠮᠤ ᠶ᠋ᠢᠨ ᠵᠳᠳᠤᠭ:

᠒᠐᠑᠘᠂᠐᠕᠂᠒᠙ ᠳ᠋ᠤ ᠳᠠᠷᠬᠠᠨ ᠬᠠᠶᠢᠷᠬᠠᠨ ᠠᠭᠤᠯᠠ ᠶ᠋ᠢᠨ ᠲᠠᠶᠢᠯᠭ᠎ᠠ᠂ ᠲᠠᢈᠢᠯᠭ᠎ᠠ ᠶ᠋ᠢᠨ ᠠᠵᠢᠯ ᠢ᠋ ᠵᠣᢈᠢᠶᠠᠨ ᠪᠠᠶᠢᠭᠤᠯᠬᠤ ᠰᠤᠮᠤ ᠶ᠋ᠢᠨ ᠵᠠᠰᠠᠭ ᠳᠠᠷᠤᠭ᠎ᠠ ᠶ᠋ᠢᠨ ᠵᠠᢈᠢᠷᠤᠮᠵᠢ ᠭᠠᠷᠴᠤ ᠠᠵᠢᠯ ᠤ᠋ᠨ ᢈᠡᠰᠡᢉ ᠢ᠋ ᠬᠤᠷᠠᠯᠳᠤᠭᠤᠯᠤᠨ᠂ ᠰᠠᠯᠪᠤᠷᠢ ᠻᠣᠮᠢᠰᠰ ᠲᠤ ᠡᢉᠦᠷᢉᠡ ᠴᠢᢉᠯᠡᠯ ᠥᠷᠯᠦᢉᠡ᠃
᠒᠐᠑᠘᠂᠐᠕᠂᠓᠐ –ᠨᠳᠠ ᠰᠤᠮᠤ ᠶ᠋ᠢᠨ ᠒᠐᠑᠘ ᠣᠨ ᠤ᠋ ᠣᠷᠤᠨ ᠨᠤᠲᠤᠭ ᠤ᠋ᠨ ᢈᠥᢉᠵᠢᠯ ᠦ᠋ᠨ ᠰᠠᠩ ᠤ᠋ᠨ ᢈᠥᠷᠦᠩᢉᠡ ᠣᠷᠤᠭᠤᠯᠤᠯᠲᠠ ᠪᠠᠷ ᢈᠢᢉᠰᠡᠨ ᠻᠣᠳ᠋ ᠲᠠᠢ ᠬᠠᠭᠠᠯᠭ᠎ᠠ᠂ ᠳᠡᢉᠡᠪᠦᠷ ᠵᠠᠰᠠᠪᠤᠷᠢ᠂ ᠮᠠᠯ ᠤ᠋ᠨ ᠡᠪᠡᠰᠦ ᠲᠡᠵᠢᢉᠡᠯ ᠦ᠋ᠨ ᠠᠭᠤᠯᠬᠤ ᠪᠠᠷᠢᠬᠤ ᠠᠵᠢᠯ ᠢ᠋ ᢈᠦᠯᠢᠶᠡᠵᠦ ᠠᠪᠬᠤ ᠤᠯᠤᠰ ᠤ᠋ᠨ ᠻᠣᠮᠢᠰᠰ ᠠᠵᠢᠯᠯᠠᠯ᠎ᠠ᠃
᠒᠐᠑᠘᠂᠐᠕᠂᠓᠑ ᠨ ᠳ᠋ᠤ ᠮᠣᠩᠭᠣᠯ ᠤᠯᠤᠰ ᠤ᠋ᠨ ᠶᠡᢈᠡ ᠬᠤᠷᠠᠯ ᠤ᠋ᠨ ᢉᠡᠰᠢᢉᠦᠨ ᠳ᠃ᠬᠠᠶᠠᠩᢈᠢᠷᠸᠠ᠂ ᠠᠶᠢᠮᠠᠭ ᠤ᠋ᠨ ᠵᠠᠰᠠᠭ ᠳᠠᠷᠤᠭ᠎ᠠ ᠰ᠃ᠨᠠᠰᠤᠨᠪᠠᠲᠤ᠂ ᠰᠢᠷ᠎ᠠ ᠶ᠋ᠢᠨ ᠭᠣᠣᠯ ᠰᠤᠮᠤ ᠶ᠋ᠢᠨ ᠵᠠᠰᠠᠭ ᠳᠠᠷᠤᠭ᠎ᠠ ᠳ᠃ᠠᠮᠤᠷᠰᠠᠨᠠᠭ᠎ᠠ ᠨᠠᠷᠠ ᠰᠢᠷ᠎ᠠ ᠶ᠋ᠢᠨ ᠭᠣᠣᠯ ᠰᠤᠮᠤᠨ ᠳ᠋ᠤ ᠦᠶᠢᠯᠡ ᠠᠵᠢᠯᠯᠠᠭ᠎ᠠ ᠶᠠᠪᠤᠭᠤᠯᠵᠤ ᠪᠠᠶᠢᠭ᠎ᠠ “ᠪᠤᠶᠠᠨᠲᠤ ᠶ᠋ᠢᠨ ᢈᠥᠨᠳᠡᠢ ᠰᠢᠷ᠎ᠠ ᠶ᠋ᠢᠨ ᠭᠣᠣᠯ” ᠪᠢᠴᠢᠯ ᠠᠭᠤᠷᠬᠠᠢ ᠶ᠋ᠢᠨ ᠲᠥᠷᠦ ᠶ᠋ᠢᠨ ᠪᠤᠰᠤ ᠪᠠᠶᠢᠭᠤᠯᠤᠯᠭ᠎ᠠ ᠶ᠋ᠢᠨ ᠦᠶᠢᠯᠡ ᠠᠵᠢᠯᠯᠠᠭ᠎ᠠ ᠲᠠᠢ ᠭᠠᠵᠠᠷ ᠳᠡᢉᠡᠷ᠎ᠡ ᠨᠢ ᠲᠠᠨᠢᠯᠴᠠᠭᠰᠠᠨ ᠶᠠᠭᠤᠮ᠎ᠠ᠃ ᠲᠤᠰ ᠲᠥᠷᠦ ᠶ᠋ᠢᠨ ᠪᠤᠰᠤ ᠪᠠᠶᠢᠭᠤᠯᠤᠯᠭ᠎ᠠ ᠳ᠋ᠤ ᠥᠨᠦᠳᠦᠷ ᠦ᠋ᠨ ᠪᠠᠶᠢᠳᠠᠯ ᠢ᠋ᠶᠠᠷ ᠳᠠᠷᠬᠠᠨ ᠰᠤᠮᠤ ᠶ᠋ᠢᠨ ᠑᠒᠐᠂ ᠬᠣᠩᠭᠤᠷ ᠰᠤᠮᠤ ᠶ᠋ᠢᠨ ᠒᠐᠂ ᠓᠕᠐ ᠭᠠᠷᠤᠢ ᠰᠢᠷ᠎ᠠ ᠶ᠋ᠢᠨ ᠭᠣᠣᠯ ᠰᠤᠮᠤ ᠶ᠋ᠢᠨ ᠢᠷᢉᠡᠳ ᢉᠡᠳ ᠨᠡᠶᠢᠲᠡ ᠳ᠋ᠦ ᠪᠡᠨ ᠗᠐ ᠪᠷᠢᠭᠠᠳ᠋ ᠤ᠋ᠨ ᠕᠐᠐ ᠣᠷᠴᠢᠮ ᠢᠷᢉᠡᠨ ᠠᠵᠢᠯ ᠤ᠋ᠨ ᠪᠠᠶᠢᠷᠢ ᠪᠠᠷ ᠬᠠᠩᠭᠠᠭᠳᠠᠵᠤ ᠥᠪᠡᠷᠰᠡᠳ ᠦ᠋ᠨ ᢉᠡᢉᠰᠡᠨ ᠣᠷᠤᠯᠭ᠎ᠠ ᠲᠠᠢ ᠪᠣᠯᠵᠤ ᠪᠠᠶᠢᠨ᠎ᠠ

ᠲᠠᠨᠢᠯᠴᠠᠭᠰᠠᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ

ᠲᠡᠮᠳᠡᢉᠯᠡᠯ ᢈᠥᠲᠦᠯᠦᢉᠰᠡᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠮᠡᠷᢉᠡᠵᠢᠯᠲᠡᠨ ᠶᠠ᠃ᢉᠡᠷᠡᠯᠰᠦ᠋ᢈᠡ