᠒᠐᠑᠘᠂᠐᠕᠂᠐᠗᠆ ᠶ᠋ᠢᠨ ᠡᠳᠦᠷ ᠦ᠋ᠨ ᠰᠢᠭᠤᠷᠬᠠᠢ ᠬᠤᠷᠠᠯ ᠤ᠋ᠨ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠕ ᠳ᠋ᠤᠭᠠᠷ ᠰᠠᠷ᠎ᠠ ᠶ᠋ᠢᠨ ᠐᠗ № ᠑᠕ ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠕ ᠳ᠋ᠤᠭᠠᠷ ᠰᠠᠷ᠎ᠠ ᠶ᠋ᠢᠨ ᠐᠗ ᠶ᠋ᠢᠨ ᠡᠳᠦᠷ ᠦ᠋ᠨ ᠐᠙ ᠴᠠᠭ ᠐᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠰ᠃ᠨᠠᠰᠤᠨᠪᠠᠲᠤ ᠤᠳᠤᠷᠢᠳᠴᠤ᠂ ᠬᠤᠷᠠᠯ ᠳ᠋ᠤ ᠨᠡᠶᠢᠲᠡ ᠒᠒ ᢉᠡᠰᠢᢉᠦᠳ ᠣᠷᠤᠯᠴᠠᠵᠤ ᠬᠤᠷᠠᠯᠳᠤᠭᠠᠨ ᠤ᠋ ᠢᠷᠡᠴᠡ ᠙᠑᠂᠖ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ᠂ ᠠᢉᠧᠨ᠋ᠲ᠋ᠯᠢᠭ ᠤ᠋ᠨ ᠳᠠᠷᠤᠭ᠎ᠠ ᠨᠠᠷ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯᠳᠤᠭᠠᠨ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ:

 

ᠠᠶᠢᠮᠠᠭ ᠤ᠋ᠨ ᠵᠢᠳᠲᠦᢉᠰᠢ ᠤᠨ ᠳᠠᠷᠤᠭ᠎ᠠ ᠴᠤ᠃ᠡᠩᢈᠡᠪᠠᠲᠤ:

 

Øᠤᠳᠠᠬᠤ ᠦᢉᠡᠢ ᢈᠡᠦᢈᠡᠳ ᠦ᠋ᠨ ᠪᠠᠶᠠᠷ ᠪᠣᠯᠬᠤ ᠲᠤᠯᠠ ᠪᠠᠶᠢᠭᠤᠯᠤᠯᠭ᠎ᠠ ᠨᠤᠭᠤᠳ ᠣᠯᠠᠨ ᠨᠡᠶᠢᠲᠡ ᠤᠷᠤᠭᠤ ᠬᠠᠨᠳᠤᠭᠰᠠᠨ ᠢᠯᠠᠩᠭᠤᠶ᠎ᠠ ᢈᠡᠦᢈᠡᠳ ᠦ᠋ᠨ ᠣᠷᠤᠯᠴᠠᠭ᠎ᠠ ᠶ᠋ᠢ ᠬᠠᠩᠭᠠᠭᠰᠠᠨ ᠨᠢᢉᠡ ᠠᠵᠢᠯ ᠢ᠋ ᠒᠐᠑᠘ ᠣᠨ ᠤ᠋ ᠖ ᠳ᠋ᠤᠭᠠᠷ ᠰᠠᠷ᠎ᠠ ᠶ᠋ᠢᠨ ᠑᠆ ᠶ᠋ᠢᠨ ᠡᠳᠦᠷ ᠵᠣᢈᠢᠶᠠᠨ ᠪᠠᠶᠢᠭᠤᠯᠤᠨ᠎ᠠ᠃ ᠡᠨᠡ ᠵᠣᢈᠢᠶᠠᠨ ᠪᠠᠶᠢᠭᠤᠯᠬᠤ ᠠᠵᠢᠯ ᠤ᠋ᠨ ᠰᠠᠨᠠᠯ ᠢ᠋ᠶᠠᠨ ᠢᠷᠡᢈᠦ ᠳᠣᠯᠤᠭ᠎ᠠ ᠬᠣᠨᠤᠭ ᠲᠤ ᠵᠢᠳᠲᠦᢉᠡᠲ ᠢᠷᠡᢉᠦᠯᢈᠦ ᠱᠠᠭᠠᠷᠳᠠᠯᠭ᠎ᠠ ᠲᠠᠢ ᠪᠠᠶᠢᠨ᠎ᠠ᠃ ᠥᠨᠦᠳᠦᠷ ᠠᠶᠢᠮᠠᠭ ᠤ᠋ᠨ ᠵᠠᠰᠠᠭ ᠳᠠᠷᠤᠭ᠎ᠠ ᠶ᠋ᠢᠨ “ᠠᠵᠢᠯ ᠤ᠋ᠨ ᢈᠡᠰᠡᢉ ᠦ᠋ᠨ” ᠵᠠᢈᠢᠷᠤᠮᠵᠢ ᠭᠠᠷᠤᠨ᠎ᠠ᠃ ᠠᠵᠢᠯ ᠤ᠋ᠨ ᢈᠡᠰᠡᢉ ᠦ᠋ᠨ ᠳᠠᠷᠤᠭ᠎ᠠ ᠪᠠᠷ ᠴᠤ᠃ᠡᠩᢈᠡᠪᠠᠲᠤ᠂ ᠳᠡᠳ ᠳᠠᠷᠤᠭ᠎ᠠ ᠨ᠃ᠴᠠᠰᠤᠴᠢᢈᠡᠷ᠂ ᠨᠠᠷᠢᠨ ᠪᠢᠴᠢᢉ ᠦ᠋ᠨ ᠳᠠᠷᠤᠭ᠎ᠠ ᠷ᠃ᠪᠠᠲᠤᠵᠢᠷᠭᠠᠯ ᠪᠠᠶᠢᠭ᠎ᠠ ᠲᠤᠯᠠ ᠦᠶᠢᠯᠡ ᠠᠵᠢᠯᠯᠠᠭᠠᠨ ᠤ᠋ ᢈᠢ ᠪᠠᠨ ᠲᠥᠯᠦᠪᠯᠡᢉᠡᠨ ᠳ᠋ᠦ ᠣᠷᠤᠭᠤᠯᠤᠨ ᢈᠡᠷᠡᢉᠵᠢᠯᠲᠡ ᠶ᠋ᠢ ᠬᠠᠩᠭᠠᠵᠤ ᠠᠵᠢᠯᠯᠠᠨ᠎ᠠ᠃
Øᠠᠶᠢᠮᠠᠭ ᠤ᠋ᠨ “ᠲᠣᠭᠲᠠᠪᠤᠷᠢ ᠲᠠᠢ ᠠᠮᠵᠢᠷᠠᠭ᠎ᠠ ᠓ ᠲᠥᠰᠦᠯ” –ᠡᠶᠢᠨ ᢈᠦᠷᠢᠶᠡᠨ ᠳ᠋ᠦ ᠠᠶᠢᠮᠠᠭ ᠤ᠋ᠨ ᠴᠢᠳᠠᠪᢈᠢ ᠪᠡᢈᠢᠵᠢᢉᠦᠯᢈᠦ ᠪᠠᠭ᠂ ᠣᠷᠤᠨ ᠨᠤᠲᠤᠭ ᠤ᠋ᠨ ᠲᠥᠰᠦᠯ ᠦ᠋ᠨ ᠠᠵᠢᠯᠲᠠᠨ ᠰ᠃ᠪᠠᠲᠤᢈᠡᠰᠢᢉ᠂ ᠲᠥᠯᠦᢉᠡᠯᠡᠯ ᠪᠦᢈᠦᠢ ᠪᠦᠷᠢᠯᠳᠦᢈᠦᠨ᠂ ᠰᠤᠮᠤᠳ ᠤ᠋ᠨ ᠵᠢᠳᠲᠠᠭ᠂ ᠪᠠᠭ ᠤ᠋ᠳ ᠤ᠋ᠨ ᠵᠠᠰᠠᠭ ᠳᠠᠷᠤᠭ᠎ᠠ ᠨᠠᠷ ᠲᠠᠢ ᠠᠭᠤᠯᠵᠠᠯᠲᠠ ᠵᠣᢈᠢᠶᠠᠨ ᠪᠠᠶᠢᠭᠤᠯᠵᠤ ᠒᠐᠑᠖᠆᠒᠐᠑᠗ ᠣᠨ ᠤ᠋ ᠵᠢᠯ ᠦ᠋ᠨ ᢉᠦᠢᠴᠡᠳᢈᠡᠯ ᠦ᠋ᠨ ᠦᠨᠡᠯᠡᢉᠡᠨ ᠦ᠋ ᠦᠷ᠎ᠡ ᠳ᠋ᠦᠩ ᠢ᠋ ᠲᠠᠨᠢᠯᠴᠠᠭᠤᠯᠬᠤ ᠮᠥᠨ ᠒᠐᠑᠘ ᠣᠨ ᠳ᠋ᠤ ᢈᠢᢉᠳᠡᢈᠦ ᠵᠢᠯ ᠦ᠋ᠨ ᢉᠦᠢᠴᠡᠳᢈᠡᠯ ᠦ᠋ᠨ ᠦᠨᠡᠯᠡᢉᠡᠨ ᠦ᠋ ᠦᠵᠡᢉᠦᠯᠦᠯᠲᠡ ᠨᠦ᠋ᢉᠦᠳ ᠢ᠋ ᠬᠠᠩᠭᠠᠬᠤ ᠳ᠋ᠤ ᠰᠤᠮᠤᠳ ᠲᠤ ᠳᠡᠮᠵᠢᠯᢉᠡ ᠦᠵᠡᢉᠦᠯᠦᠨ᠎ᠡ᠃ ᠣᠷᠤᠨ ᠨᠤᠲᠤᠭ ᠤ᠋ᠨ ᢈᠥᢉᠵᠢᠯ ᠦ᠋ᠨ ᠰᠠᠩ ᠤ᠋ᠨ ᠦᠶᠢᠯᠡ ᠠᠵᠢᠯᠯᠠᠭ᠎ᠠ ᠦᠷ᠎ᠡ ᠳ᠋ᠦᠩ ᠢ᠋ ᠰᠠᠶᠢᠵᠢᠷᠠᠭᠤᠯᠬᠤ ᠠᠩᠬᠠᠷᠬᠤ ᠠᠰᠠᠭᠤᠳᠠᠯ ᠤ᠋ᠨ ᠲᠠᠯᠠᠭᠠᠷ ᠵᠥᠪᠯᠡᠯᠳᠦᢈᠦ ᠠᠭᠤᠯᠵᠠᠯᠲᠠ ᠶ᠋ᠢ ᠕ ᠳ᠋ᠤᠭᠠᠷ ᠰᠠᠷ᠎ᠠ ᠶ᠋ᠢᠨ ᠳᠤᠮᠳᠠᠭᠤᠷ ᢈᠢᢈᠦ ᠪᠡᠷ ᠵᠣᢈᠢᠶᠠᠨ ᠪᠠᠶᠢᠭᠤᠯᠵᠤ ᠪᠠᠶᠢᠨ᠎ᠠ᠃

ᠤᠯᠠᠭᠠᠨᠪᠠᠭᠠᠲᠤᠷ ᠬᠣᠲᠠ ᠠ᠋ᠴᠠ “ᠲᠣᠭᠲᠠᠪᠤᠷᠢ ᠲᠠᠢ ᠠᠮᠵᠢᠷᠠᠭ᠎ᠠ ᠓ ᠲᠥᠰᠦᠯ”ᠰ᠆ ᠆ ᠶ᠋ᠢᠨ ᢈᠦᠷᠢᠶᠡᠨ ᠳ᠋ᠦ ᠕ ᠰᠠᠷ᠎ᠠ ᠳ᠋ᠤ ᠰᠤᠷᠭᠠᠯᠲᠠ ᠵᠣᢈᠢᠶᠠᠨ ᠪᠠᠶᠢᠭᠤᠯᠬᠤ ᠴᠢᢉᠯᠡᠯ ᠢᠷᠡᢉᠰᠡᠨ ᠲᠤᠯᠠ ᠕ ᠰᠠᠷ᠎ᠠ ᠶ᠋ᠢᠨ ᠲᠡᠳᠡᠨ ᠳ᠋ᠦ ᢉᠡᢈᠦ ᠴᠢᢉᠯᠡᠯ ᠢ᠋ ᠥᢉᢈᠦ ᠪᠣᠯᠤᠮᠵᠢ ᠦᢉᠡᠢ ᠲᠤᠯᠠ ᠰᠤᠮᠤᠳ ᠤ᠋ᠨ ᠵᠠᠰᠠᠭ ᠳᠠᠷᠤᠭ᠎ᠠ᠂ ᠰᠤᠮᠤᠳ ᠤ᠋ᠨ ᠵᠢᠳᠬ᠎ᠠ ᠶ᠋ᠢᠨ ᠳᠠᠷᠤᠭ᠎ᠠ᠂ ᠪᠠᠭ ᠤ᠋ᠨ ᠳᠠᠷᠤᠭ᠎ᠠ ᠨᠠᠷ ᠲᠠᠶᠢᠯᠤᠨ ᠮᠡᠳᠡᢉᠡ ᠪᠡᠨ ᠭᠠᠷᠭᠠᠬᠤ ᠲᠠᠯ᠎ᠠ ᠳᠡᢉᠡᠷ᠎ᠡ ᠠᠩᠬᠠᠷᠤᠯ ᠬᠠᠨᠳᠤᠭᠤᠯᠵᠤ ᠠᠵᠢᠯᠯᠠᠬᠤ ᠱᠠᠭᠠᠷᠳᠠᠯᠭ᠎ᠠ ᠲᠠᠢ ᠪᠠᠶᠢᠨ᠎ᠠ᠃
Ø᠒᠐᠑᠘᠂᠐᠕᠂᠐᠗᠆ ᠶ᠋ᠢᠨ ᠡᠳᠦᠷ №᠑᠆᠐᠔/᠐᠓ ᠬᠠᠤᠯᠢ ᠲᠣᠭᠲᠠᠭᠠᠮᠵᠢ ᠶ᠋ᠢᠨ ᢈᠡᠷᠡᢉᠵᠢᠯᠲᠡ ᠶ᠋ᠢ ᠬᠠᠩᠭᠠᠭᠤᠯᠬᠤ ᠠᠯᠪᠠᠨ ᠳᠠᠭᠠᠭᠠᠯᠭᠠᠪᠤᠷᠢ ᠭᠠᠷᠴᠤ ᠪᠠᠶᠢᠨ᠎ᠠ᠃ ᠡᢉᠦᠨ ᠲᠡᠢ ᠬᠣᠯᠪᠤᠭᠳᠠᠭᠤᠯᠤᠭᠠᠳ ᠠᠶᠢᠮᠠᠭ ᠤ᠋ᠨ ᠬᠠᠤᠯᠢ ᠡᠷᢈᠡ ᠵᠦᠢ ᠶ᠋ᠢᠨ ᢈᠡᠯᠲᠡᠰ᠂ ᠵᠠᢈᠢᠷᠤᠭᠴᠢ ᠶ᠋ᠢᠨ ᠠᠯᠪᠠ᠂ ᠴᠠᠭᠳᠠᠭ᠎ᠠ ᠶ᠋ᠢᠨ ᠭᠠᠵᠠᠷ ᠠ᠋ᠴᠠ ᠲᠤᠬᠠᠢ ᠪᠦᠷᠢ ᠠᠨᠪ ᠆ ᠳ᠋ᠤ ᠱᠠᠭᠠᠷᠳᠠᠯᠭ᠎ᠠ᠂ ᠮᠡᠳᠡᢉᠳᠡᢈᠦ ᠬᠠᠭᠤᠳᠠᠰᠤ ᢈᠦᠷᢈᠡᢉᠦᠯᢈᠦ ᠲᠡᠳᠡᢉᠡᠷ ᠢ᠋ ᠪᠡᠶᠡᠯᠡᢉᠦᠯᠦᢉᠦᠢ ᠲᠣᢈᠢᠶᠠᠯᠳᠤᠯ ᠳ᠋ᠤ ᠵᠥᠷᠢᠴᠡᠯ ᠦ᠋ᠨ ᠲᠤᠬᠠᠢ ᠬᠠᠤᠯᠢ ᠪᠠᠷ ᠬᠣᠯᠪᠤᠭᠳᠠᠬᠤ ᠪᠠᠶᠢᠭᠤᠯᠤᠯᠭ᠎ᠠ ᠳ᠋ᠤ ᠠᠷᠭ᠎ᠠ ᢈᠡᠮᠵᠢᠶ᠎ᠡ ᠠᠪᠬᠤ ᠪᠣᠯᠤᠨ᠎ᠠ᠃ ᠵᠠᠰᠠᠭ ᠳᠠᠷᠤᠭ᠎ᠠ ᠶ᠋ᠢᠨ ᠭᠠᠷᠭᠠᠭᠰᠠᠨ ᠠᠯᠪᠠᠨ ᠳᠠᠭᠠᠭᠠᠯᠭᠠᠪᠤᠷᠢ ᠶ᠋ᠢᠨ ᢈᠦᠷᠢᠶᠡᠨ ᠳ᠋ᠦ ᠠᠯᠢ ᠪᠠᠶᠢᠭᠤᠯᠤᠯᠭ᠎ᠠ ᠶᠠᠮᠠᠷ ᢉᠦᠢᠴᠡᠳᢈᠡᠯ ᠲᠡᠢ ᠪᠠᠶᠢᠭ᠎ᠠ ᠲᠠᠯᠠᠭᠠᠷᢈᠢ ᢈᠡᠷᠡᢉᠵᠢᠯᠲᠡ ᠶ᠋ᠢ ᠒᠐᠑᠘᠂᠐᠖᠂᠒᠙ ᠦ᠋ᠨ ᠡᠳᠦᠷ ᠦ᠋ᠨ ᠤᠳᠤᠷᠢᠳᠬᠤ ᠠᠵᠢᠯᠲᠠᠨ ᠤ᠋ ᠬᠤᠷᠠᠯ ᠳᠡᢉᠡᠷ᠎ᠡ ᠲᠠᠨᠢᠯᠴᠠᠭᠤᠯᠤᠨ᠎ᠠ᠃ ᠲᠡᠶᠢᠮᠦ ᠤᠴᠢᠷ ᠠ᠋ᠴᠠ ᠠᠯᠪᠠᠨ ᠳᠠᠭᠠᠭᠠᠯᠭᠠᠪᠤᠷᠢ ᠶ᠋ᠢᠨ ᢈᠡᠷᠡᢉᠵᠢᠯᠲᠡᠨ ᠳ᠋ᠦ ᠣᠨᠴᠤᠭᠤᠢ ᠠᠩᠬᠠᠷᠴᠤ ᠠᠵᠢᠯᠯᠠᠬᠤ ᠱᠠᠭᠠᠷᠳᠠᠯᠭ᠎ᠠ ᠲᠠᠢ ᠪᠠᠶᠢᠨ᠎ᠠ᠃

 

ᠠᠶᠢᠮᠠᠭ ᠤ᠋ᠨ ᠵᠠᠰᠠᠭ ᠳᠠᠷᠤᠭ᠎ᠠ ᠶ᠋ᠢᠨ ᠣᠷᠤᠯᠠᠭᠴᠢ ᠲᠥ᠃ᠭᠠᠩᠪᠣᠯᠤᠳ:

 

Øᠰᠣᠭᠲᠤᠭᠤᠷᠠᠭᠤᠯᠬᠤ ᠤᠮᠳᠠᠭ᠎ᠠ ᠪᠣᠯᠤᠨ ᠲᠡᢉᠦᠪᠡᠷ ᠦᠶᠢᠯᠡᠴᠢᠯᠡᢈᠦ ᠠᠨᠪᠢᠳ ᠢ᠋ ᠠᠳᠧᠰᠲ᠋ᠳᠠᠴᠢᠯᠠᠬᠤ ᠬᠠᠤᠯᠢ ᠵᠢᠷᠤᠮ ᠤ᠋ᠨ ᠳᠠᠭᠠᠭᠤ ᠶᠠᠪᠤᠭᠳᠠᠵᠤ ᠪᠠᠶᠢᠭ᠎ᠠ᠃
Øᢈᠥᠳᠡᢉᠡ ᠠᠵᠤ ᠠᠬᠤᠢ ᠶ᠋ᠢᠨ ᠰᠠᠯᠪᠤᠷᠢ ᠶ᠋ᠢᠨ ᠲᠧᠻᠨᠤᠯᠤᢉᠢ ᠢᠨᠨᠤᠸᠠᠼᠢ ᠹᠣᠷᠦᠮ ᠦᠵᠡᠰᢈᠦᠯᠡᠩ ᠬᠤᠳᠠᠯᠳᠤᠭ᠎ᠠ ᠪᠤᠶᠤ ᠤᠯᠤᠰ ᠤ᠋ᠨ ᢈᠡᠮᠵᠢᠶ ᠡᠨ ᠦ᠋ ᠠᠷᠭ᠎ᠠ ᢈᠡᠮᠵᠢᠶ᠎ᠡ ᠪᠣᠯᠤᠨ᠎ᠠ᠃ ᠬᠣᠬᠪᠤᠲᠤᢈᠢ᠂ ᠬᠠᠰᠢᠭ ᠬᠠᠷᠢᠭᠤᠴᠠᠭᠠᠳ ᠪᠡᠯᠡᠳᢈᠡᠯ ᠠᠵᠢᠯ ᠶᠠᠪᠤᠭᠳᠠᠵᠤ ᠪᠠᠶᠢᠭ᠎ᠠ᠃ ᠰᠤᠮᠤᠳ ᠤ᠋ᠳ ᠲᠤ ᠬᠤᠪᠢᠶᠠᠷᠢ ᢈᠦᠷᢈᠡᢉᠳᠡᢉᠰᠡᠨ ᠪᠠᠶᠢᠭ᠎ᠠ ᢈᠦᠮᠦᠰ ᠢ᠋ᠶᠡᠨ ᠣᠷᠤᠯᠴᠠᠭᠤᠯᠵᠤ ᠣᠷᠤᠯᠴᠠᠭ᠎ᠠ ᠶ᠋ᠢ ᠮᠠᠰᠢ ᠰᠠᠶᠢᠨ ᠬᠠᠩᠭᠠᠵᠤ ᠠᠵᠢᠯᠯᠠᠬᠤ ᢈᠡᠷᠡᢉᠲᠡᠢ ᠪᠠᠶᠢᠨ᠎ᠠ᠃

Øᠮᠢᠨᠤ ᠪᠡᠶ᠎ᠡ ᠠᠬᠠᠯᠠᠭᠰᠠᠨ ᠨᠡᠶᠢᠲᠡ ᠙ ᠠᠵᠢᠯ ᠤ᠋ᠨ ᢈᠡᠰᠡᢉ ᠪᠠᠶᠢᠳᠠᠭ᠃ ᠵᠠᠷᠢᠮ ᠨᠢ ᠔ ᠰᠠᠷ᠎ᠠ ᠠ᠋ᠴᠠ ᠦᠷᢉᠦᠯᠵᠢᠯᠡᢉᠡᠳ ᠰᠠᠷ᠎ᠠ ᠳᠠᠮᠨᠠᠭᠠᠳ ᠶᠠᠪᠤᠵᠤ ᠪᠠᠶᠢᠨ᠎ᠠ᠃ ᠡᠨᠡ ᠠᠵᠢᠯ ᠤ᠋ᠨ ᢈᠡᠰᠡᢉ ᠦ᠋ᠳ ᠦ᠋ᠨ ᠠᠵᠢᠯ ᠢ᠋ ᠡᠨᠡ ᠰᠠᠷ᠎ᠠ ᠳ᠋ᠤ ᠡᠷᠴᠢᠮᠵᠢᢉᠦᠯᠵᠦ ᠠᠵᠢᠯᠯᠠᠨ᠎ᠠ᠃
Øᠠᠯᠪᠠᠳᠠᠨ ᠡᠮᠴᠢᠯᠡᢉᠡᠨ ᠦ᠋ ᠠᠰᠠᠭᠤᠳᠠᠯ ᠪᠠᠶᠢᠨ᠎ᠠ᠃ ᠲᠤᠰ ᠡᠮᠴᠢᠯᠡᢉᠡᠨ ᠳ᠋ᠦ ᠬᠠᠮᠤᠷᠤᠭᠳᠠᠬᠤ ᠪᠣᠯᠤᠮᠵᠢ ᠦᢉᠡᠢ ᢈᠦᠮᠦᠰ ᠢ᠋ ᠲᠥᠷᠦ ᠶ᠋ᠢᠨ ᠪᠣᠯᠤᠨ ᠲᠪᠪᠢ ᠪᠠᠷ ᠳᠠᠮᠵᠢᠭᠤᠯᠤᠭᠠᠳ ᠰᠡᠳᢈᠢᠯ ᠵᠠᠰᠠᠯ ᠤ᠋ᠨ ᠡᠮᠴᠢᠯᠡᢉᠡ ᢈᠢᠯᢉᠡᢈᠦ ᠠᠵᠢᠯ ᠢ᠋ ᠵᠣᢈᠢᠶᠠᠨ ᠪᠠᠶᠢᠭᠤᠯᠤᠨ᠎ᠠ᠃ ᠲᠣᠮᠤᠬᠠᠨ ᠠᠨ ᠆ ᠲᠡᠢ ᠠᠭᠤᠯᠵᠠᠯᠲᠠ ᢈᠢᠵᠦ ᠠᠯᠪᠠᠳᠠᠨ ᠡᠮᠴᠢᠯᠡᢉᠡᠨ ᠳ᠋ᠦ ᠶᠠᠪᠤᠭᠰᠠᠨ ᠪᠣᠯᠤᠨ ᠠᠷᠢᢈᠢᠨ ᠤ᠋ ᠡᠮᠴᠢᠯᠡᢉᠡ ᢈᠢᠯᢉᠡᠵᠦ ᠪᠠᠶᠢᠭ᠎ᠠ ᢈᠦᠮᠦᠰ ᠲᠦ ᠠᠵᠢᠯ ᠤ᠋ᠨ ᠪᠠᠶᠢᠷᠢ ᠪᠠᠷ ᠬᠠᠩᠭᠠᠬᠤ ᠲᠤᠬᠠᠢ ᠠᠭᠤᠯᠵᠠᠯᠲᠠ ᢈᠢᢈᠦ᠂ ᠤᠯᠤᠰ ᠤ᠋ᠨ ᠪᠦᠷᠢᠳᢈᠡᠯ ᠦ᠋ᠨ ᢈᠡᠯᠲᠡᠰ ᠲᠡᠢ ᠬᠠᠮᠲᠤᠷᠠᠭᠠᠳ ᠡᠳᠡᢉᠡᠷ ᢈᠦᠮᠦᠰ ᠢ᠋ ᠪᠢᠴᠢᢉ ᠪᠠᠷᠢᠮᠲᠠᠵᠢᠭᠤᠯᠬᠤ ᠠᠵᠢᠯ ᠪᠠᠶᠢᠨ᠎ᠠ᠃
ᠠᠶᠢᠮᠠᠭ ᠤ᠋ᠨ ᠵᠠᠰᠠᠭ ᠳᠠᠷᠤᠭ᠎ᠠ ᠰ᠃ᠨᠠᠰᠤᠨᠪᠠᠲᠤ:
№ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠬᠠᠷᠢᠭᠤᠴᠠᠬᠤ ᠡᠵᠡᠨ
᠑᠃
᠒᠕᠑ ᠠᠶᠢᠯᠠᠨ ᠣᠷᠤᠨ ᠰᠠᠭᠤᠴᠠᠨ ᠤ᠋ ᠠᠵᠢᠯ ᠡᢈᠢᠯᠡᢉᠰᠡᠨ ᠪᠠᠶᠢᠳᠠᠭ᠃ ᠣᠳᠤ ᢉᠦᠶᠢᠴᠡᠳᢈᠡᢉᠴᠢ ᠻᠣᠮᠫᠠᠨᠢ ᠨᠢ ᠭᠠᠵᠠᠷ ᠢ᠋ᠶᠠᠨ ᠠᠪᠤᠨ᠎ᠠ ᢉᠡᠳᠡᢉ᠃ ᠡᠨᠡ ᠲᠥᠰᠦᠯ ᢈᠥᠲᠦᠯᠪᠦᠷᠢ ᠣᠳᠤ ᠶᠠᠮᠠᠷ ᠱᠠᠲᠤᠨ ᠳ᠋ᠤ ᠪᠠᠶᠢᠭ᠎ᠠ ᠪᠤᠢ? ᢉᠦᠶᠢᠴᠡᠳᢈᠡᠯ ᠢ᠋ ᠬᠠᠩᠭᠠᠭᠤᠯᠬᠤ ᠲᠠᠯ᠎ᠠ ᠳᠡᢉᠡᠷ᠎ᠡ ᠬᠠᠤᠯᠢ ᢈᠢᠨᠠᠯᠲᠠ ᠶ᠋ᠢᠨ ᠪᠠᠶᠢᠭᠤᠯᠤᠯᠭ᠎ᠠ᠂ ᠮᠤᠭ᠂ ᠵᠠ᠂ ᠬᠠᠮᠲᠤᠷᠠᠵᠤ ᠠᠵᠢᠯᠯᠠᠬᠤ ᢈᠡᠷᠡᢉᠲᠡᠢ ᠪᠠᠶᠢᠨ᠎ᠠ᠃ᠵᠠᢈᠢᠷᠤᠭᠴᠢ ᠶ᠋ᠢᠨ ᠠᠯᠪᠠ ᠮᠡᠷᢉᠡᠵᠢᠯ ᠦ᠋ᠨ ᢈᠢᠨᠠᠯᠲᠠ ᠶ᠋ᠢᠨ ᠭᠠᠵᠠᠷ ᠴᠠᠭᠳᠠᠭ᠎ᠠ ᠶ᠋ᠢᠨ ᠭᠠᠵᠠᠷ
᠒᠃ ᠪᠠᠭᠤᠯᠭᠠᠯᠲᠠ ᠰᠠᠭᠤᠯᠭᠠᠯᠲᠠ ᠶ᠋ᠢᠨ ᠠᠵᠢᠯ ᠡᠨᠡ ᠕ ᠳ᠋ᠤᠭᠠᠷ ᠰᠠᠷ᠎ᠠ ᠳ᠋ᠤ ᠡᠷᠴᠢᠮᠵᠢᢈᠦ ᠶᠣᠰᠤᠲᠠᠢ᠃ ᢉᢈᠢᠪᢈᠢ᠂ ᠵᠠ
᠓᠃ ᠰᠤᠮᠤᠳ ᠤ᠋ᠳ ᠲᠤ ᠭᠠᠵᠠᠷ ᠤ᠋ᠨ ᠲᠣᠳᠤᠳᠬᠠᠯ ᢈᠢᢈᠦ ᢉᠡᠵᠦ ᠪᠠᠶᠢᠭ᠎ᠠ ᠲᠠᠢ ᠬᠣᠯᠪᠤᠭ᠎ᠠ ᠲᠠᠢ ᠲᠣᠳᠤᠳᠬᠠᠯ ᠳ᠋ᠤ ᠲᠤᠰᠬᠠᠭᠳᠠᠭᠰᠠᠨ ᠰᠠᠨᠠᠯ ᠢ᠋ᠶᠠᠨ ᠨᠢᢉᠡᠳᢈᠡᠵᠦ ᠲᠠᠨᠢᠯᠴᠠᠭᠤᠯᠬᠤ ᢈᠡᠷᠡᢉᠲᠡᠢ ᠪᠠᠶᠢᠨ᠎ᠠ᠃ ᢉᢈᠢᠪᠬᠠᠭ
᠔᠃ ᠑᠐᠐ ᢈᠦᠮᠦᠨ ᠦ᠋ ᠠᠵᠢᠯ ᠤ᠋ᠨ ᠪᠠᠶᠢᠷᠢᠨ ᠤ᠋ ᠲᠧᠨᠳᠧᠷ ᠢ᠋ ᠣᠳᠤᠭᠠᠨ ᠠ᠋ᠴᠠ ᠡᢈᠢᠯᠡᢉᠦᠯᢈᠦ ᠦᢉᠡᠢ ᠪᠣᠯ ᠬᠣᠴᠤᠷᠤᠯ᠎ᠠ᠃ ᠬᠠᠮᠢᠭ᠎ᠠ
ᠬᠤᠷᠠᠯ ᠑᠒ ᠴᠠᠭ ᠐᠐ ᠮᠢᠨᠦᠲ ᠲᠤ ᠳᠠᠭᠤᠰᠪᠠ᠃
ᠲᠠᠨᠢᠯᠴᠠᠭᠰᠠᠨ:
ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ
ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ
ᠲᠡᠮᠳᠡᢉᠯᠡᠯ ᢈᠥᠲᠦᠯᠦᢉᠰᠡᠨ:
ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ
ᢈᠡᠯᠲᠡᠰ ᠦ᠋ᠨ ᠮᠡᠷᢉᠡᠵᠢᠯᠲᠡᠨ ᠶᠠ᠃ᢉᠡᠷᠡᠯᠰᠦ᠋ᢈᠡ