ᠳᠠᠷᠬᠠᠨ ᠬᠣᠲᠠ ᠲᠥᠪ ᠦ᠋ᠨ ᠪᠦᠰᠡ ᠶ᠋ᠢᠨ ᠰᠢᠨᠵᠢᠯᠡᢈᠦ ᠤᠬᠠᠭᠠᠨ᠂ ᠲᠧᠻᠨᠤᠯᠤᢉᠢ ᠶ᠋ᠢᠨ ᠲᠥᠪ ᠪᠣᠯᠬᠤ ᠪᠠᠷ ᠵᠣᠷᠢᠵᠤ ᠪᠠᠶᠢᠨ᠎ᠠ

ᠧᠦ᠋ᠷᠣᠫᠠ ᠶ᠋ᠢᠨ ᠬᠣᠯᠪᠤᠭᠠᠨ ᠤ᠋ ᠰᠠᠩᢈᠦᠵᠢᠯᠲᠡ ᠲᠡᠢ ᠨᠠᠶᠢᠷᠠᠮᠳᠠᠯ ᠲᠥᠰᠦᠯ ᠡᠴᠡ ᠰᠢᠨᠵᠢᠯᠡᢈᠦ ᠤᠬᠠᠭᠠᠨ ᠳ᠋ᠤ ᠰᠠᠭᠤᠷᠢᠯᠠᠭᠰᠠᠨ ᢈᠥᢉᠵᠢᠯ ᠦ᠋ᠨ ᠲᠦᠩᠰᠢᠯᠡᠯ ᠹᠣᠷᠦᠮ ᠢ᠋ ᠥᠨᠦᠳᠦᠷ /᠒᠐᠒᠔᠂᠐᠕᠂᠓᠐/ ᠥᠷᢉᠦᢉᠡ ᠻᠢᠨᠤ ᠲᠢᠶᠠᠲ᠋ᠷ ᠤ᠋ᠨ ᠪᠠᠶᠢᠷᠢᠨ ᠳ᠋ᠤ ᠵᠣᢈᠢᠶᠠᠨ ᠪᠠᠶᠢᠭᠤᠯᠵᠤ ᠪᠠᠶᠢᠨ᠎ᠠ᠃
ᠹᠣᠷᠦ᠋ᠮ ᠳ᠋ᠤ ᠑᠑ ᠤᠯᠤᠰ ᠤ᠋ᠨ ᠔᠐ ᠭᠠᠷᠤᠢ ᠡᠷᠳᠡᠮᠲᠡᠨ᠂ ᠰᠤᠳᠤᠯᠤᠭᠠᠴᠢᠳ᠂ ᠰᠢᠨᠵᠢᠯᠡᢈᠦ ᠤᠬᠠᠭᠠᠨ ᠤ᠋ ᠲᠧᠻᠨᠤᠯᠤᢉᠢ ᠶ᠋ᠢᠨ ᠫᠠᠷᠻ ᠤ᠋ᠨ ᠮᠡᠷᢉᠡᠵᠢᠯᠲᠡᠨ ᠨᠦ᠋ᢉᠦᠳ᠂ ᠢᠨ᠋ ᠨ᠋ᠣᠸᠠᠼ ᠤ᠋ᠨ ᠻᠣᠮᠫᠠᠨᠢ ᠶ᠋ᠢᠨ ᠲᠥᠯᠦᢉᠡᠯᠡᠯ ᠦ᠋ᠳ᠂ ᠲᠥᠷᠦ ᠶ᠋ᠢᠨ ᠪᠠᠶᠢᠭᠤᠯᠤᠯᠭ᠎ᠠ ᠨᠤᠭᠤᠳ ᠤ᠋ᠨ ᠲᠥᠯᠦᢉᠡᠯᠡᠯ ᠣᠷᠤᠯᠴᠠᠵᠤ ᠪᠠᠶᠢᠨ᠎ᠠ᠃
ᠲᠤᠰ ᠹᠣᠷᠦ᠋ᠮ ᠢ᠋ᠶᠠᠷ ᠳᠠᠮᠵᠢᠭᠤᠯᠤᠨ ᠳᠠᠷᠬᠠᠨ ᠬᠣᠲᠠ ᠴᠠᠭᠠᠰᠢᠳᠠ ᠪᠠᠨ ᢈᠡᠷᢈᠢᠨ ᠮᠣᠩᠭᠣᠯ ᠤᠯᠤᠰ ᠤ᠋ᠨ ᠲᠥᠪ ᠦ᠋ᠨ ᠪᠦᠰᠡ ᠶ᠋ᠢᠨ ᠰᠢᠨᠵᠢᠯᠡᢈᠦ ᠤᠬᠠᠭᠠᠨ᠂ ᠲᠧᠻᠨᠤᠯᠤᢉᠢ ᠶ᠋ᠢᠨ ᠲᠥᠪ ᠪᠣᠯᠤᠨ ᢈᠥᢉᠵᠢᢈᠦ ᠠᠰᠠᠭᠤᠳᠠᠯ ᠢ᠋ ᠪᠦᢈᠦ ᠲᠠᠯ᠎ᠠ ᠶ᠋ᠢᠨ ᠣᠷᠤᠯᠴᠠᠭ᠎ᠠ ᠶ᠋ᠢ ᠬᠠᠩᠭᠠᠭᠤᠯᠤᠨ ᢈᠡᠯᠡᠯᠴᠡᠵᠦ ᠪᠠᠶᠢᠨ᠎ᠠ᠃
ᠮᠥᠨ ᠢᠨ᠋ ᠨᠣᠸᠠᠼᠢ ᠰᠢᠩᢉᠡᢉᠰᠡᠨ ᠪᠦᠲᠦᢉᠡᢉᠳᠡᢈᠦᠨ ᠢ᠋ᠶᠡᠷ ᠢ᠋ᠶᠡᠨ ᠬᠤᠪᠢ ᠶ᠋ᠢᠨ ᢈᠡᠪᠰᠢᠯ ᠦ᠋ᠨ ᠪᠠᠶᠢᠭᠤᠯᠤᠯᠭ᠎ᠠ ᠨᠤᠭᠤᠳ ᠦᠵᠡᠰᢈᠦᠯᠡᠩ ᠭᠠᠷᠭᠠᠵᠡᠢ᠃