᠒᠐᠑᠘᠂᠐᠔᠂᠒᠓ ᠨ ᠤ᠋ ᠡᠳᠦᠷ ᠦ᠋ᠨ ᠰᠢᠭᠤᠷᠬᠠᠢ ᠶ᠋ᠢᠨ ᠬᠤᠷᠠᠯ ᠤ᠋ᠨ ᠲᠡᠮᠳᠡᢉᠯᠡᠯ ᠃

᠒᠐᠑᠘᠂᠐᠔᠂᠒᠓ ᠨ ᠤ᠋ ᠡᠳᠦᠷ ᠦ᠋ᠨ ᠰᠢᠭᠤᠷᠬᠠᠢ ᠶ᠋ᠢᠨ ᠬᠤᠷᠠᠯ ᠤ᠋ᠨ ᠲᠡᠮᠳᠡᢉᠯᠡᠯ ᠃

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠔ ᠳ᠋ᠤᠭᠠᠷ ᠰᠠᠷ᠎ᠠ ᠶ᠋ᠢᠨ ᠒᠓ № ᠑᠓ ᠳᠠᠷᠬᠠᠨ ᠆ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠔ ᠳ᠋ᠤᠭᠠᠷ ᠰᠠᠷ᠎ᠠ ᠶ᠋ᠢᠨ ᠒᠓ ᠶ᠋ᠢᠨ ᠡᠳᠦᠷ ᠦ᠋ᠨ ᠐᠙ ᠴᠠᠭ ᠐᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠰ᠃ᠨᠠᠰᠤᠨᠪᠠᠲᠤ ᠤᠳᠤᠷᠢᠳᠴᠤ᠂ ᠬᠤᠷᠠᠯ ᠳ᠋ᠤ ᠨᠡᠶᠢᠲᠡ ᠒᠔ ᢉᠡᠰᠢᢉᠦᠳ ᠣᠷᠤᠯᠴᠠᠵᠤ ᠬᠤᠷᠠᠯᠳᠤᠭᠠᠨ ᠤ᠋ ᠢᠷᠡᠴᠡ ᠑᠐᠐ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ᠂ ᠠᢉᠧᠨ᠋ᠲ᠋ᠯᠢᠭ ᠤ᠋ᠨ ᠳᠠᠷᠤᠭ᠎ᠠ ᠨᠠᠷ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯᠳᠤᠭᠠᠨ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ:

ᠠᠶᠢᠮᠠᠭ ᠤ᠋ᠨ ᠵᠠᠰᠠᠭ ᠳᠠᠷᠤᠭ᠎ᠠ ᠰ᠃ᠨᠠᠰᠤᠨᠪᠠᠲᠤ:

№ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠬᠠᠷᠢᠭᠤᠴᠠᠬᠤ ᠡᠵᠡᠨ

᠑᠃
ᠲᠠᠲᠠᠪᠤᠷᠢ ᠶ᠋ᠢᠨ ᠣᠷᠤᠯᠭ᠎ᠠ ᠪᠦᠷᠢᠳᠦᢉᠦᠯᠤᠯᠲᠡ ᠶ᠋ᠢ ᠨᠡᠷ᠎ᠡ ᠲᠥᠷᠦᠯ ᠢ᠋ᠶᠡᠷ ᠨᠢ ᠢᠯᠭᠠᠵᠤ ᠠᠵᠢᠯᠯᠠᠬᠤ᠂ ᠳᠠᠷᠬᠠᠨ –ᠠᠭᠤᠯᠠ ᠠᠶᠢᠮᠠᠭ ᠲᠤ ᠪᠦᠷᠢᠳᢈᠡᠯ ᠲᠡᠢ ᠪᠠᠶᠢᠭ᠎ᠠ ᠠᠨᠪᠠ ᠶᠠᠨ ᠤᠳᠤᠷᠢᠳᠤᠯᠭ᠎ᠠ ᠨᠤᠭᠤᠳ ᠨᠢ ᠢᠷᠡᠵᠦ ᠠᠮᠵᠢᠳᠠᠭ ᠦᢉᠡᠢ ᠪᠣᠯ ᠨᠢᠭᠲᠠᠯᠠᠨ ᠨᠤᠭᠤᠳ ᠢ᠋ ᠨᠢ ᠳᠠᠭᠤᠳᠠᠵᠤ ᠮᠣᠩᠭᠤᠯ ᠪᠠᠩᠻᠢ᠂ ᠡᠷᠳᠡᠨᠢᠰ ᠦ᠋ᠨ ᠰᠠᠩ ᠤ᠋ᠨ ᠬᠠᠮᠲᠤᠷᠠᠭᠰᠠᠨ ᠲᠤᠰᠢᠶᠠᠯ ᠢ᠋ ᠲᠠᠨᠢᠯᠴᠠᠭᠤᠯᠬᠤ ᠮᠥᠨ ᠠᠯᠲᠠᠨ ᠤ᠋ ᠴᠧᠨᠵᠦᠳ ᠲᠡᠢ ᠠᠭᠤᠯᠵᠠᠨ ᠣᠯᠪᠤᠷᠢᠯᠠᠭᠰᠠᠨ ᠠᠯᠲᠠ ᠪᠠᠨ ᠣᠷᠤᠨ ᠨᠤᠲᠤᠭ ᠲᠤ ᠪᠠᠨ ᠲᠥᠪᠯᠡᠷᠡᢉᠦᠯᠵᠦ ᠲᠤᠰᠢᠶᠠᠳᠠᠭ ᠪᠠᠶᠢᠬᠤ ᠶ᠋ᠢ ᢈᠡᠯᠡᢈᠦ᠂ ᠢᠩᢉᠢᠪᠡᠯ ᠪᠢᠳᠡᠨ ᠳ᠋ᠦ ᠣᠷᠤᠯᠭ᠎ᠠ ᠶ᠋ᠢᠨ ᠪᠦᠷᠢᠳᠦᢉᠦᠯᠤᠯᠲᠡ ᠳ᠋ᠦ ᠶᠡᢈᠡ ᠲᠣᠮᠤ ᠡᢉᠦᠰᠪᠦᠷᠢ ᠣᠷᠤᠵᠤ ᠢᠷᠡᠨ᠎ᠡ᠃ ᠡᢉᠦᠨ ᠲᠡᠢ ᠬᠣᠯᠪᠤᠭ᠎ᠠ ᠲᠠᠢ ᠣᠷᠤᠨ ᠨᠤᠲᠤᠭ ᠤ᠋ᠨ ᠲᠥᠰᠦᠪ ᠲᠦ ᠣᠷᠤᠬᠤ ᠣᠷᠤᠯᠭ᠎ᠠ ᠨᠤᠭᠤᠳ ᠢ᠋ ᠰᠠᠭᠤᠳᠬᠠᠵᠤ ᠠᠪᠴᠤ ᠦᠯᠡᠳᠡᢈᠦ ᠬᠠᠤᠯᠢ ᠨᠤᠭᠤᠳ ᠢ᠋ ᠰᠤᠳᠤᠯᠵᠤ ᠦᠵᠡᠵᠦ ᠲᠠᠨᠢᠭᠤᠯᠬᠤ ᢈᠡᠷᠡᢉᠲᠡᠢ ᠪᠠᠶᠢᠨ᠎ᠠ᠃ᠲᠠᠲᠠᠪᠤᠷᠢ ᠶ᠋ᠢᠨ ᢈᠡᠯᠲᠡᠰ
᠒᠃ ᠬᠠᠤᠯᠢ ᠡᠷᢈᠡ ᠵᠦᠢ ᠶ᠋ᠢᠨ ᢈᠡᠯᠲᠡᠰ ᠒᠐᠑᠘᠂᠐᠔᠂᠒᠔ ᠒᠖ ᠶ᠋ᠢᠨ ᠡᠳᠦᠷ ᠦ᠋ᠳ ᠲᠦ ᠰᠢᠨᠡᠴᠢᠯᠡᠨ ᠪᠠᠲᠤᠯᠠᠭᠳᠠᠭᠰᠠᠨ ᠬᠠᠤᠯᠢ ᠲᠣᠭᠲᠠᠭᠠᠮᠵᠢ ᠨᠤᠭᠤᠳ ᠢ᠋ᠶᠠᠷ ᠰᠤᠮᠤᠳ ᠤ᠋ᠨ ᠠᠯᠪᠠᠨ ᠬᠠᠭᠠᠭᠴᠢᠳ ᠲᠤ ᠰᠤᠷᠭᠠᠯᠲᠠ ᠵᠣᢈᠢᠶᠠᠨ ᠪᠠᠶᠢᠭᠤᠯᠬᠤ ᠳ᠋ᠤ ᠨᠢ ᢈᠢᠨᠠᠯᠲᠠ ᠰᠢᠨᠵᠢᠯᠡᢉᠡ᠂ ᠦᠨᠡᠯᠡᢉᠡ᠂ ᠳᠣᠲᠤᠭᠠᠳᠤ ᠠᠦᠳᠢᠲ ᠤ᠋ᠨ ᢈᠡᠯᠲᠡᠰ᠂ ᠮᠡᠷᢉᠡᠵᠢᠯ ᠦ᠋ᠨ ᢈᠢᠨᠠᠯᠲᠠ ᠶ᠋ᠢᠨ ᠭᠠᠵᠠᠷ ᠲᠠᠢ ᠬᠠᠮᠲᠤᠷᠠᠵᠤ ᠰᠢᠯᠭᠠᠨ ᠵᠢᠭᠠᠪᠤᠷᠢᠯᠠᠬᠤ᠂ ᠵᠥᠪᠯᠡᢈᠦ ᠠᠵᠢᠯ ᠢ᠋ᠶᠠᠨ ᠨᠢᢉᠡᠳᢈᠡᠵᠦ ᢈᠢᢈᠦ ᢈᠡᠷᠡᢉᠲᠡᠢ ᠬᠠᠤᠯᠢ ᠡᠷᢈᠡ ᠵᠦᠢ ᠶ᠋ᠢᠨ ᢈᠡᠯᠲᠡᠰ᠂ ᢈᠢᠨᠠᠯᠲᠠ ᠆ ᠰᠢᠨᠵᠢᠯᠡᢉᠡ᠂ ᠦᠨᠡᠯᠡᢉᠡ᠂ ᠳᠣᠲᠤᠭᠠᠳᠤ ᠠᠦᠳᠢᠲ ᠤ᠋ᠨ ᢈᠡᠯᠲᠡᠰ᠂ ᠮᠡᠷᢉᠡᠵᠢᠯ ᠦ᠋ᠨ ᢈᠢᠨᠠᠯᠲᠠ ᠶ᠋ᠢᠨ ᠭᠠᠵᠠᠷ
᠓᠃ ᠨᠡᠶᠢᠲᠡ ᠶ᠋ᠢᠨ ᠡᠵᠡᠮᠰᠢᠯ ᠦ᠋ᠨ ᠲᠠᠯᠠᠪᠠᠢ ᠶ᠋ᠢᠨ ᠲᠣᠭᠯᠠᠭᠠᠮ ᠠᠯᠠᠭ᠎ᠠ ᠪᠣᠯᠤᠭᠰᠠᠨ᠂ ᠰᠡᠷᢉᠦᢉᠡᠨ ᠵᠠᠰᠠᠪᠤᠷᠢᠯᠠᠬᠤ ᠱᠠᠭᠠᠷᠳᠠᠯᠭ᠎ᠠ ᠲᠠᠢ ᠪᠠᠶᠢᠭ᠎ᠠ ᠲᠤᠯᠠ ᠳᠠᠷᠬᠠᠨ ᠰᠤᠮᠤ ᠶ᠋ᠢᠨ ᠵᠠᠰᠠᠭ ᠳᠠᠷᠤᠭ᠎ᠠ ᠪᠠᠭ ᠤ᠋ᠨ ᠳᠠᠷᠤᠭ᠎ᠠ ᠨᠠᠷ ᠲᠤ ᠪᠠᠨ ᠡᢉᠦᠷᢉᠡ ᠳᠠᠭᠠᠭᠠᠯᠭᠠᠪᠤᠷᠢ ᠥᢉᠴᠦ ᠠᠵᠢᠯᠯᠠᠬᠤ᠃ ᠲᠤᠬᠠᠶᠢᠯᠠᠪᠠᠯ ᠪᠠᠭ ᠳᠡᢉᠡᠷ᠎ᠡ ᠪᠠᠶᠢᠭ᠎ᠠ ᠠᠨᠪᠠ ᠶᠠᠨ ᠨᠡᠶᠢᢉᠡᠮ ᠦ᠋ᠨ ᠬᠠᠷᠢᠭᠤᠴᠠᠯᠭ᠎ᠠ ᠶ᠋ᠢᠨ ᢈᠦᠷᠢᠶ ᠡᠨ ᠳ᠋ᠦ ᠵᠠᠰᠠᠴᠢ ᠵᠠᠯᠠᠷᠠᠭᠤᠯᠬᠤ ᠠᠵᠢᠯ ᠤ᠋ᠳ ᠢ᠋ ᠨᠢ ᢈᠢᠵᠦ ᢉᠦᠶᠢᠴᠡᠳᢈᠡᢈᠦ ᠬᠤᠭᠤᠴᠠᠭ᠎ᠠ ᠲᠠᠢ ᠡᢉᠦᠷᢉᠡ ᠳᠠᠭᠠᠭᠠᠯᠭᠠᠪᠤᠷᠢ ᠥᢉ᠃ ᠪᠠᠭ ᠤ᠋ᠨ ᠳᠠᠷᠤᠭ᠎ᠠ ᠪᠣᠯᠤᠨ ᠰᠥᢈᠡ ᠆ ᠤ᠋ ᠳᠠᠷᠤᠭ᠎ᠠ ᠨᠠᠷ ᠲᠤ ᠨᠡᠶᠢᠲᠡ ᠶ᠋ᠢᠨ ᠡᠵᠡᠮᠰᠢᠯ ᠦ᠋ᠨ ᠲᠣᠭᠯᠠᠭᠠᠮ ᠠᠯᠠᠭ᠎ᠠ ᠪᠣᠯᠤᠭᠰᠠᠨ ᠳ᠋ᠤ ᠬᠠᠷᠢᠭᠤᠴᠠᠯᠭ᠎ᠠ ᠲᠣᠭᠠᠴᠠᠬᠤ᠂ ᠡᠪᠳᠡᠷᠡᢉᠰᠡᠨ ᠲᠣᠭᠯᠠᠭᠠᠮ ᠢ᠋ᠶᠠᠨ ᠡᠷᠢᠮᠪᠡᠯᠡᠨ ᠶᠠᠭᠠᠷᠠᠯᠲᠠᠢ ᠵᠠᠰᠠᠬᠤ᠃ ᠳᠠᠷᠬᠠᠨ ᠰᠤᠮᠤ ᠶ᠋ᠢᠨ ᢈᠡᠪᠯᠡᠯ ᠮᠡᠳᠡᢉᠡᠯᠡᠯ ᠦ᠋ᠨ ᠠᠯᠪᠠ ᠨᠡᠪᠲᠡᠷᠡᢉᠦᠯᢉᠡ ᢈᠢᠵᠦ ᠢᠷᢉᠡᠳ ᠲᠦ ᠲᠠᠨᠢᠭᠤᠯᠵᠤ ᠰᠡᠷᠡᠮᠵᠢᠯᠡᢉᠦᠯᢈᠦ ᢈᠡᠷᠡᢉᠲᠡᠢ ᠪᠠᠶᠢᠨ᠎ᠠ᠃ ᠴᠠᠭᠠᠰᠢᠳᠠ ᠡᠨᠡ ᠲᠣᠭᠯᠠᠭᠠᠮ ᠤ᠋ᠨ ᠲᠠᠯᠠᠪᠠᠢ ᠪᠣᠯᠤᠨ ᠪᠦᠲᠦᢉᠡᠨ ᠪᠠᠶᠢᠭᠤᠯᠤᠯᠲᠠ ᠪᠠᠨ ᠶᠠᠭᠠᢈᠢᠵᠤ ᠬᠠᠮᠠᠭᠠᠯᠠᠵᠤ ᠠᠷᠠᠴᠢᠯᠠᠬᠤ ᠲᠠᠯᠠᠭᠠᠷ ᢈᠡᠯᠡᠯᠴᠡᢉᠦᠯᢉᠡ ᠶ᠋ᠢ ᠢᠷᢉᠡᠨ ᠦ᠋ ᠲᠠᠩᢈᠢᠮ᠂ ᠪᠠᠭ ᠤ᠋ᠨ ᠳᠠᠷᠤᠭ᠎ᠠ᠂ ᠢᠷᢉᠡᠳ ᠦ᠋ᠨ ᠲᠥᠯᠦᢉᠡᠯᠡᠯ ᠢ᠋ᠶᠡᠨ ᠣᠷᠤᠯᠴᠠᠭᠤᠯᠤᠭᠠᠳ ᠳᠠᠷᠬᠠᠨ ᠰᠤᠮᠤ ᠵᠣᢈᠢᠶᠠᠨ ᠪᠠᠶᠢᠭᠤᠯᠬᠤ ᢈᠡᠷᠡᢉ ᠲᠡᠢ᠃ ᠳᠠᠷᠬᠠᠨ ᠰᠤᠮᠤ ᠶ᠋ᠢᠨ ᠵᠢᠳᠲᠦ
᠔᠃ ᠪᠠᠭ ᠤ᠋ᠨ ᠵᠠᠰᠠᠭ ᠳᠠᠷᠤᠭ᠎ᠠ ᠨᠠᠷᠠᠲᠤ ᠬᠠᠤᠯᠢ ᠶ᠋ᠢᠨ ᠶᠠᠮᠠᠷ ᠡᠷᢈᠡ ᠪᠠᠶᠢᠭ᠎ᠠ ᠶ᠋ᠢ ᠲᠠᠨᠢᠭᠤᠯᠬᠤ ᠮᠡᠳᠡᢉᠡᠯᠡᠯ ᠢ᠋ ᢈᠡᠵᠡᢈᠦ ᠶ᠋ᠢᠨ ᠳᠠᠷᠤᠭ᠎ᠠ ᠠᠯᠲᠠᠨᠴᠢᠮᠡᢉ ᠥᢉᢈᠦ᠂ ᠪᠢᠳᠡ ᠪᠦᢉᠦᠳᠡ ᢈᠢᠵᠦ ᠪᠠᠶᠢᠭ᠎ᠠ ᠠᠵᠢᠯ ᠤ᠋ᠨ ᠢ᠋ᠶᠠᠨ ᠣᠶᠢᠯᠠᠭᠠᠯᠲᠠ ᠶ᠋ᠢ ᠨᠢᢉᠡ ᠲᠠᠯ᠎ᠠ ᠳ᠋ᠤ ᠪᠠᠨ ᠵᠥᠪ ᠪᠣᠯᠭᠠᠵᠤ ᠠᠵᠢᠯᠯᠠᠬᠤ ᢈᠡᠷᠡᢉᠲᠡᠢ᠃ ᠳᠠᠷᠬᠠᠨ ᠰᠤᠮᠤ ᠶ᠋ᠢᠨ ᠵᠳᠳᠤᠭ ᠪᠠᠭ ᠤ᠋ᠨ ᠳᠠᠷᠤᠭ᠎ᠠ ᠨᠠᠷ ᠤ᠋ᠨ ᠬᠤᠷᠠᠯ ᠳ᠋ᠤ ᠪᠠᠨ ᠪᠢᠳᠡᠨ ᠢ᠋ ᠣᠷᠤᠯᠴᠠᠭᠤᠯᠬᠤ ᠲᠠᠯᠠᠭᠠᠷ ᠤᠷᠢᠳᠴᠢᠯᠠᠵᠤ ᠮᠡᠳᠡᢉᠳᠡᢉᠡᠷᠡᠢ᠃ ᠬᠠᠤᠯᠢ ᠡᠷᢈᠡ ᠵᠦᠢ ᠶ᠋ᠢᠨ ᢈᠡᠯᠲᠡᠰ ᠳᠠᠷᠬᠠᠨ ᠰᠤᠮᠤ
᠕᠃ ᢈᠡᠦᢈᠡᠳ ᠦ᠋ᠨ ᠫᠠᠷᠻ ᠤ᠋ᠨ ᠠᠵᠢᠯ ᠤ᠋ᠨ ᢈᠡᠰᠡᢉ ᠲᠡᠨᠳᠡᠷ ᠢ᠋ᠶᠡᠨ ᠓ ᠬᠤᠪᠢᠶᠠᠭᠠᠳ ᠵᠠᠷᠯᠢᠶ᠎ᠠ᠃ ᠤᠷᠢᠳᠴᠢᠯᠠᠭᠰᠠᠨ ᠪᠠᠶᠢᠳᠠᠯ ᠢ᠋ᠶᠠᠷ ᠪᠡᠯᠡᠳᢈᠡᠯ ᠠᠵᠢᠯ ᠢ᠋ᠶᠠᠨ ᢈᠢᢈᠦ᠃ ᠣᠷᠤᠨ ᠨᠤᠲᠤᠭ ᠤ᠋ᠨ ᠥᠮᠴᠢ ᠶ᠋ᠢᠨ ᠭᠠᠵᠠᠷ
᠖᠃ ᠪᠢᠳᠡᠨ ᠦ᠋ ᢈᠢᢉᠰᠡᠨ ᠠᠵᠢᠯ ᠢ᠋ ᠤᠰᠤ ᠰᠤᠪᠠᠭ ᠤ᠋ᠨ ᠱᠤᠭᠤᠮ ᠬᠠᠭᠠᠷᠠᠭᠰᠠᠨ ᠲᠠᠢ ᠬᠣᠯᠪᠤᠭ᠎ᠠ ᠲᠠᠢ ᠡᠪᠳᠡᠵᠦ ᠳᠠᠭᠤᠰᠴᠤ ᠪᠠᠶᠢᠨ᠎ᠠ᠃ ᠨᠠᠭᠠᠦ᠋ᠭᠠᠵᠠᠷ ᠡᠪᠳᠡᠷᠡᠯ ᢉᠡᠮᠲᠦᠯ ᠢ᠋ᠶᠡᠨ ᠪᠦᠷᠢᠳᢈᠡᢉᠡᠳ (ᠲᠤᠬᠠᠶᠢᠯᠠᠪᠠᠯ ᢈᠡᠳᠦᠨ ᠲᠥᢉᠦᠷᠢᢉ ᠦ᠋ᠨ ᠨᠣᠭᠤᠭᠠᠨ ᠪᠠᠶᠢᠭᠤᠯᠤᠮᠵᠢ ᠬᠠᠰᠢᠶ᠎ᠠ᠂ ᠶᠠᠪᠠᠭᠠᠨ ᢈᠦᠮᠦᠨ ᠦ᠋ ᠵᠠᠮ ᢈᠡᠳᠦᠨ ᠮᠧᠲ᠋ᠷ ᠢ᠋) ᠳᠠᠷᠬᠠᠨ ᠆ ᠤᠰᠤ ᠰᠤᠪᠠᠭ ᠤ᠋ᠨ ᠲᠤᠵᠠ ᠳᠤ ᠥᢉᠴᠦ ᢉᠡᠮᠲᠦᠯ ᠦ᠋ᠨ ᠵᠠᠰᠠᠪᠤᠷᠢ ᠳ᠋ᠤ ᠲᠥᠰᠦᠪ ᠪᠠᠲᠤᠯᠠᠭᠤᠯᠤᠭᠠᠳ ᢉᠡᠮᠲᠦᠯ ᠢ᠋ ᠰᠡᠷᢉᠦᢉᠡᠯᢉᠡᢈᠦ᠂ ᠰᠡᠷᢉᠦᢉᠡᢈᠦ ᠪᠣᠯᠤᠮᠵᠢ ᠦᢉᠡᠢ ᢉᠡᠪᠡᠯ ᢈᠥᠷᠦᠩᢉᠡ ᠮᠥᠩᢉᠦ ᠶ᠋ᠢ ᠨᠢ ᠨᠠᠭᠠᠦ ᠲᠤ ᠰᠢᠯᠵᠢᢉᠦᠯᢈᠦ᠃ ᢉᠦᠶᠢᠴᠡᠳᢈᠡᠯ ᠢ᠋ ᠨᠢ ᠬᠠᠩᠭᠠᠭᠤᠯᠤᠭᠠᠳ ᠙᠂ ᠑᠐ ᠳ᠋ᠤᠭᠠᠷ ᠰᠠᠷ᠎ᠠ ᠳ᠋ᠤ ᠲᠠᠶᠢᠯᠤᠨ ᠢ᠋ᠶᠠᠨ ᠲᠠᠯᠪᠢᠳᠠᠭ ᠪᠠᠶᠢᠬᠤ ᢈᠡᠷᠡᢉᠲᠡᠢ ᠵᠠᢈᠢᠷᠤᠭᠴᠢ ᠶ᠋ᠢᠨ ᠠᠯᠪᠠ
᠗᠃ ᠮᠠᠯ ᠪᠦᢈᠦᠢ ᠢᠷᢉᠡᠳ ᠦ᠋ᠨ ᠭᠠᠵᠠᠷ ᠤ᠋ᠨ ᠠᠰᠠᠭᠤᠳᠠᠯ ᠢ᠋ ᠬᠣᠩᠭᠤᠷ ᠰᠤᠮᠤ ᠡᠷᠴᠢᠮᠵᠢᢉᠦᠯᠵᠦ ᠴᠡᢉ ᠢ᠋ᠶᠡᠨ ᠲᠠᠯᠪᠢᠵᠤ ᠬᠠᠲᠠᠭᠤ ᠴᠡᢉ ᠢ᠋ᠶᠡᠨ ᠥᢉᢉᠦᠮᠡᠷ ᠪᠠᠶᠢᠨ᠎ᠠ᠃ ᠲᠠᠷᠢᠶᠠᠯᠠᠩᠴᠢᠳ ᠢ᠋ᠶᠠᠨ ᠰᠤᠮᠤᠨ ᠳᠡᢉᠡᠷ᠎ᠡ ᠪᠡᠨ ᠴᠤᠭᠯᠠᠭᠤᠯᠤᠭᠠᠴᠢ ᠪᠡᠨ ᠪᠢᠳᠡ ᠣᠴᠢᠶ᠎ᠠ᠃ ᠒᠐᠑᠘ ᠣᠨ ᠤ᠋ ᠕ ᠳ᠋ᠤᠭᠠᠷ ᠰᠠᠷ᠎ᠠ ᠳ᠋ᠤ ᠶᠡᠷᠦᠩᢈᠡᠢ ᠰᠠᠶᠢᠳ ᠰᠡᠯᠡᠩᢉᠡ᠂ ᠳᠠᠷᠬᠠᠨ ᠠᠭᠤᠯᠠ ᠠᠶᠢᠮᠠᠭ ᠲᠤ ᠠᠵᠢᠯᠯᠠᠨ᠎ᠠ᠃ ᠲᠡᠶᠢᠮᠦ ᠡᠴᠡ ᠪᠡᠯᠡᠳᢈᠡᠯ ᠠᠵᠢᠯ ᠢ᠋ ᠬᠠᠩᠭᠠᠨ ᠭᠠᠵᠠᠷ ᠢ᠋ᠶᠠᠨ ᠲᠣᠭᠠᠯᠠᠭᠠᠳ ᠳᠠᠭᠤᠰᠬᠤ ᢈᠡᠷᠡᢉᠲᠡᠢ ᠪᠠᠶᠢᠨ᠎ᠠ᠃ ᠬᠣᠩᠭᠤᠷ ᠰᠤᠮᠤ
᠘᠃ ᢈᠥᠲᠦᠯ ᠬᠣᠷᠢᠶᠠᠯᠠᠯ ᠳ᠋ᠤ ᠠᠩᠬᠠᠷᠤᠯ ᠬᠠᠨᠳᠤᠭᠤᠯᠵᠤ ᠒᠐᠑᠙ ᠣᠨ ᠳ᠋ᠤ ᠬᠠᠯᠠᠭᠤᠨ ᠤᠰᠤᠨ ᠤ᠋ ᠭᠠᠵᠠᠷ ᠲᠠᠢ᠂ ᠬᠤᠳᠳᠤᠭ᠂ ᠵᠢᠵᠢᢉ ᠣᠪᠤᠷ ᠤ᠋ᠨ ᠠᠦᠲ᠋ᠤᠪᠦᠰ᠂ ᠪᠠᠭ ᠤ᠋ᠨ ᠲᠥᠪ ᠦ᠋ᠨ ᠪᠠᠶᠢᠷᠢ᠂ ᠴᠠᠭᠳᠠᠭ᠎ᠠ ᠶ᠋ᠢᠨ ᠪᠠᠶᠢᠷᠢ ᠲᠠᠢ ᠪᠣᠯᠭᠠᠬᠤ ᠠᠵᠢᠯ ᠢ᠋ ᠣᠳᠤ ᠠ᠋ᠴᠠ ᢈᠥᢉᠡᢉᠡᠴᠡᠯᠳᠦᢈᠦ᠂ ᠢᠷᢉᠡᠳ ᠦ᠋ᠨ ᠨᠡᠶᠢᠲᠡ ᠶ᠋ᠢᠨ ᠳᠠᠷᠤᠭ᠎ᠠ ᠲᠠᠢ ᠨᠢ ᠠᠭᠤᠯᠵᠠᠬᠤ ᠱᠠᠭᠠᠷᠳᠠᠯᠭ᠎ᠠ ᠲᠠᠢ ᠬᠣᠬᠠᠪᠲᠤᠬᠤ
᠙᠃ ᠵᠠᠮ ᠤ᠋ᠨ ᠨᠥᢈᠦᢉᠡᠰᠦᠨ ᠦ᠋ ᠠᠵᠢᠯ ᠤ᠋ᠨ ᠶᠠᠪᠤᠴᠠ ᠶ᠋ᠢᠨ ᠲᠠᠯᠠᠭᠠᠷ ᠮᠲᠠ ᠮᠡᠳᠡᢉᠡ ᠪᠢᠰᠢ ᠮᠡᠳᠡᢉᠡᠯᠡᠯ ᠨᠡᠪᠲᠡᠷᠡᢉᠦᠯᢉᠡ ᠶ᠋ᠢ ᠭᠠᠵᠠᠷ ᠳᠡᢉᠡᠷ᠎ᠡ ᠡᠴᠡ ᠨᠢ ᢈᠢᠵᠦ ᠪᠡᠯᠡᠳᢈᠡᠵᠦ ᠢᠷᢉᠡᠳ ᠲᠦ ᠲᠠᠨᠢᠯᠴᠠᠭᠤᠯᠬᠤ ᠮᠡᠳᠡᢉᠡᠯᠡᠯ ᠲᠧᠻᠨᠤᠯᠤᢉᠢ ᠶ᠋ᠢᠨ ᠠᠯᠪᠠ

᠑᠐᠃ ᠵᠠᢈᠢᠷᠤᠭᠴᠢ ᠶ᠋ᠢᠨ ᠠᠵᠢᠯ ᠤ᠋ᠨ ᠠᠯᠪᠠ ᠵᠠᠮ ᠲᠠᠯᠠᠪᠠᠢ ᠶ᠋ᠢᠨ ᠵᠠᠰᠠᠪᠤᠷᠢ ᠶ᠋ᠢᠨ ᠠᠵᠢᠯ ᠢ᠋ᠶᠠᠨ ᠬᠠᠮᠲᠤᠷᠠᠵᠤ ᢈᠢᢈᠦ ᠲᠠᠯ᠎ᠠ ᠳᠡᢉᠡᠷ᠎ᠡ ᠣᠶᠢᠷ᠎ᠠ ᠣᠷᠴᠢᠮ ᠤ᠋ᠨ ᠲᠣᠮᠤᠬᠠᠨ ᠠᠨᠪᠢ ᠲᠠᠢ ᠨᠢ ᠣᠴᠢᠵᠤ ᠠᠭᠤᠯᠵᠠᠬᠤ ᢈᠡᠷᠡᢉᠲᠡᠢ᠃ “TEDY” ᠲᠥᠪ ᠦ᠋ᠨ ᠤᠷᠳᠤ ᠵᠠᠮ ᠪᠤᠶᠤ “ᠰᠢᠩᠬᠤᠯᠠᠢ” ᠰᠢᠲᠠᠬᠤᠨ ᠲᠦᢉᠡᢉᠡᢉᠦᠷ ᠦ᠋ᠨ ᠬᠣᠶᠢᠳᠤ ᠵᠠᠮ᠂ “ᠨᠣᠮᠢᠨ” ᠶᠡᢈᠡ ᠳᠡᠯᢉᠡᢉᠦᠷ ᠦ᠋ᠨ ᠤᠷᠳᠤ ᠵᠠᠮ ᢉᠡᢈᠦ ᠮᠡᠲᠦ ᠵᠠᢈᠢᠷᠤᠭᠴᠢ ᠶ᠋ᠢᠨ ᠠᠯᠪᠠ
ᠬᠣᠶᠠᠷ ᠗ ᠬᠣᠨᠤᠭ ᠤ᠋ᠨ ᠬᠤᠭᠤᠴᠠᠭᠠᠨ ᠳ᠋ᠤ ᢈᠢᠵᠦ ᢈᠡᠷᠡᢉᠵᠢᢉᠦᠯᠵᠦ ᠲᠠᠨᠢᠯᠴᠠᠭᠤᠯᠬᠤ᠃

ᠬᠤᠷᠠᠯ ᠑᠐ ᠴᠠᠭ ᠒᠐ ᠮᠢᠨᠦᠲ ᠲᠤ ᠳᠠᠭᠤᠰᠪᠠ᠃

ᠲᠠᠨᠢᠯᠴᠠᠭᠰᠠᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ

ᠲᠡᠮᠳᠡᢉᠯᠡᠯ ᢈᠥᠲᠦᠯᠦᢉᠰᠡᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠮᠡᠷᢉᠡᠵᠢᠯᠲᠡᠨ ᠶᠠ᠃ᢉᠡᠷᠡᠯᠰᠦ᠋ᢈᠡ