2019.03.04 ᠍ ᠤ ᠡᠳᠦᠷ ᠦᠨ ᠰᠢᠭᠤᠷᠬᠠᠢ ᠬᠤᠷᠠᠯ ᠤᠨ ᠪᠡᠶᠡᠯᠡᠯ ᠳᠦ

2019 ᠣᠨ ᠤ 03 ᠳ᠋ᠤᠭᠠᠷ ᠰᠠᠷ᠎ᠠ ᠶᠢᠨ 04                            № 06                                      ᠳᠠᠷᠬᠠᠨ ᠠᠭᠤᠯᠠ ᠠᠶᠢᠮᠠᠭ

№ ᠥᠭᠭᠦᠭᠳᠡᠭᠰᠡᠨ ᠡᠭᠦᠷᠭᠡ ᠳᠠᠭᠠᠭᠠᠯᠭᠠᠪᠤᠷᠢ ᠬᠠᠷᠢᠭᠤᠴᠠᠬᠤ ᠡᠵᠡᠨ ᠬᠡᠷᠡᠭᠵᠢᠯᠲᠡ
1. ᠤᠯᠤᠰ ᠤᠨ ᠶᠡᠬᠡ ᠬᠤᠷᠠᠯ ᠤᠨ ᠭᠡᠰᠢᠭᠦᠳ ᠦᠨ ᠢᠷᠭᠡᠳ ᠲᠡᠢ ᠠᠭᠤᠯᠵᠠᠬᠤ ᠠᠭᠤᠯᠵᠠᠯᠲᠠ ᠶᠢ ᠲᠣᠳᠣᠷᠠᠭᠤᠯᠵᠤ ᠬᠤᠪᠢᠶᠠᠷᠢ ᠭᠠᠷᠭᠠᠵᠤ ᠲᠠᠨᠢᠯᠴᠠᠭᠤᠯᠬᠤ ᠲᠵᠤᠬᠤ ᠤᠡᠬ ᠤᠨ ᠭᠡᠰᠢᠭᠦᠳ ᠣᠳᠣ ᠶᠢᠨ ᠪᠠᠶᠢᠳᠠᠯ ᠢᠶᠠᠷ ᠭᠠᠳᠠᠭᠠᠳᠤ ᠳᠤ ᠲᠣᠮᠢᠯᠠᠯᠲᠠ ᠲᠠᠢ ᠪᠠᠶᠢᠭ᠎ᠠ ᠲᠤᠯᠠ 03 ᠳ᠋ᠤᠭᠠᠷ ᠰᠠᠷ᠎ᠠ ᠳᠤ ᠠᠭᠤᠯᠵᠠᠬᠤ ᠪᠣᠯᠤᠮᠵᠢ ᠦᠭᠡᠢ 2019 ᠣᠨ ᠤ 04 ᠳ᠋ᠦᠭ ᠢᠶᠡᠷ ᠰᠠᠷ᠎ᠠ ᠠᠴᠠ ᠡᠬᠢᠯᠡᠵᠦ ᠢᠷᠭᠡᠳ ᠲᠡᠢ ᠠᠭᠤᠯᠵᠠᠬᠤ ᠪᠣᠯᠤᠨ᠎ᠠ ᠭᠡᠳᠡᠭ ᠮᠡᠳᠡᠭᠡᠯᠡᠯ ᠢ ᠲᠤᠰᠯᠠᠬᠤ ᠨᠤᠭᠤᠳ ᠲᠠᠢ ᠨᠢ ᠬᠣᠯᠪᠣᠭᠳᠠᠵᠤ ᠠᠪᠤᠭᠰᠠᠨ᠃
2. ᠮᠡᠳᠡᠭᠡᠯᠡᠯ ᠲᠧᠭᠨᠣᠯᠣᠭᠢ ᠶᠢᠨ ᠠᠯᠪᠠ ᠵᠡᠳᠲᠡᠭ ᠢ ᠲᠥᠷᠥ ᠶᠢᠨ ᠬᠣᠯᠪᠣᠭᠠᠨ ᠤ ᠰᠦᠯᠵᠢᠶᠡᠨ ᠳᠦ ᠬᠤᠯᠪᠤᠬᠤ ᠠᠵᠢᠯ ᠢ ᠰᠤᠳᠤᠯᠤᠨ᠎ᠠ᠃ ᠲᠥᠷᠥ ᠶᠢᠨ ᠪᠠᠶᠢᠭᠤᠯᠤᠯᠭ᠎ᠠ ᠨᠤᠭᠤᠳ ᠲᠥᠷᠥ ᠶᠢᠨ ᠬᠣᠯᠪᠣᠭᠠᠨ ᠤ ᠨᠢᠭᠡᠳᠦᠭᠰᠡᠨ ᠰᠦᠯᠵᠢᠶᠡᠨ ᠳᠦ ᠬᠣᠯᠪᠣᠭᠳᠣᠰᠣᠨ ᠢᠶᠠᠷ ᠮᠡᠳᠡᠭᠡᠯᠡᠯ ᠦᠨ ᠠᠶᠤᠯ ᠦᠭᠡᠢ ᠪᠠᠶᠢᠳᠠᠯ ᠨᠢᠭᠤᠴᠠᠯᠠᠭᠳᠠᠨ᠎ᠠ᠃ ᠡᠨᠡ ᠴᠢᠭᠯᠡᠯ᠎ᠡ ᠪᠡᠷ ᠮᠠᠨ ᠤ ᠠᠶᠢᠮᠠᠭ ᠲᠤ ᠲᠥᠷᠥ ᠶᠢᠨ ᠬᠣᠯᠪᠣᠭᠠᠨ ᠤ ᠰᠦᠯᠵᠢᠶ᠎ᠡ ᠶᠢ ᠮᠡᠳᠡᠭᠡᠯᠡᠯ ᠬᠣᠯᠪᠣᠭᠠᠨ ᠤ ᠰᠦᠯᠵᠢᠶ᠎ᠡ ᠺᠣᠮᠫᠠᠨᠢ ᠬᠠᠷᠢᠭᠤᠴᠠᠳᠠᠭ᠃ ᠶᠡᠷᠦᠩᠬᠡᠢ ᠢᠨᠵᠧᠨᠧᠷ ᠨᠢ ᠲᠥᠷᠥ ᠶᠢᠨ ᠨᠢᠭᠤᠴᠠ ᠲᠠᠢ ᠬᠣᠯᠪᠣᠭ᠎ᠠ ᠲᠠᠢ ᠲᠤᠰᠬᠠᠢ ᠭᠡᠷ᠎ᠡ ᠪᠡᠷ ᠬᠦᠯᠢᠶᠡᠭᠰᠡᠨ ᠴᠢᠭ ᠡᠭᠦᠷᠭᠡ ᠲᠡᠢ ᠪᠠᠶᠢᠳᠠᠭ᠃ ᠲᠡᠶᠢᠮᠦ ᠡᠴᠡ ᠶᠡᠷᠦᠩᠬᠡᠢ ᠢᠨᠵᠧᠨᠧᠷ ᠲᠡᠢ ᠠᠭᠤᠯᠵᠠᠭᠠᠳ ᠡᠨᠡ ᠴᠢᠭᠯᠡᠯ ᠢᠶᠡᠷ ᠶᠠᠮᠠᠷ ᠪᠣᠯᠤᠮᠵᠢ ᠪᠠᠶᠢᠨ᠎ᠠ ᠶᠠᠵ ᠬᠣᠯᠪᠣᠭᠳᠠᠬᠤᠲ᠋ᠧᠭᠨᠢᠭ ᠤᠨ ᠥᠭᠭᠥᠭᠳᠡᠯ ᠨᠥᠬᠥᠴᠡᠯ ᠦᠳ ᠢ ᠠᠪᠬᠤ ᠬᠡᠷᠡᠭᠲᠡᠢ ᠪᠠᠶᠢᠨ᠎ᠠ ᠮᠲᠠ ᠮᠡᠳᠡᠭᠡᠯᠡᠯ ᠬᠣᠯᠪᠣᠭᠠᠨ ᠤ ᠰᠦᠯᠵᠢᠶ᠎ᠡ ᠬᠺ ᠳᠦ ᠲᠥᠷᠥ ᠶᠢᠨ ᠨᠢᠭᠡᠳᠦᠭᠰᠡᠨ ᠰᠦᠯᠵᠢᠶᠡᠨ ᠦ ᠵᠢᠷᠤᠭᠯᠠᠯ ᠢ ᠭᠠᠷᠭᠠᠵᠤ ᠥᠭᠬᠦ ᠬᠦᠰᠡᠯᠲᠡ ᠶᠢ ᠲᠠᠯᠪᠢᠭᠰᠠᠨ᠃ ᠮᠣᠩᠭᠣᠯ ᠤᠨ ᠴᠠᠬᠢᠯᠭᠠᠨ ᠬᠣᠯᠪᠣᠭ᠎ᠠ ᠬᠬᠺ ᠲᠠᠢ ᠬᠠᠷᠢᠯᠴᠠᠨ ᠲᠣᠬᠢᠷᠠᠯᠴᠠᠵᠤ ᠰᠦᠯᠵᠢᠶᠡᠨ ᠦ ᠵᠠᠪᠰᠠᠷ ᠦᠢᠯᠡᠴᠢᠯᠡᠭᠡ ᠶᠢ ᠬᠢᠯᠭᠡᠭᠦᠯᠬᠦ ᠪᠡᠷ ᠲᠥᠯᠥᠪᠯᠡᠵᠦ ᠪᠠᠶᠢᠨ᠎ᠠ᠃
3. ᠴᠠᠬᠢᠮ ᠭᠠᠷ ᠤᠨ ᠦᠰᠦᠭ ᠦᠨ ᠬᠠᠤᠯᠢ ᠶᠢᠨ ᠬᠡᠷᠡᠭᠵᠢᠯᠲᠡ ᠶᠢ ᠳ᠋ᠢᠵᠢᠲᠠᠯ᠎ᠠ ᠰᠢᠯᠵᠢᠯᠲᠡ ᠶᠢᠨ ᠬᠦᠷᠢᠶᠡᠨ ᠳᠦ ᠬᠢᠬᠦ ᠪᠡᠷ ᠪᠣᠯᠵᠤ ᠪᠠᠶᠢᠭ᠎ᠠ ᠲᠤᠯᠠ ᠬᠣᠯᠪᠣᠭᠳᠠᠬᠤ ᠲᠥᠰᠥᠪ ᠬᠥᠷᠥᠩᠭᠡ ᠶᠢ ᠲᠥᠰᠥᠪᠯᠡᠵᠦ ᠲᠠᠨᠢᠯᠴᠠᠭᠤᠯᠬᠤ ᠮᠲᠠ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠲᠡᠷᠢᠭᠦᠨ ᠳᠡᠳ᠋ ᠳᠠᠷᠤᠭ᠎ᠠ ᠶᠢᠨ ᠲᠤᠰᠢᠶᠠᠯ ᠢᠶᠠᠷ 《ᠳ᠋ᠢᠵᠢᠲᠠᠯ᠎ᠠ ᠰᠢᠯᠵᠢᠯᠲᠡ ᠶᠢ ᠬᠡᠷᠡᠭᠵᠢᠭᠦᠯᠬᠦ ᠠᠵᠢᠯ ᠤᠨ ᠬᠡᠰᠡᠭ》–ᠡ ᠡᠴᠡ ᠮᠠᠨ ᠤ ᠠᠶᠢᠮᠠᠭ ᠲᠤ ᠥᠭᠭᠦᠭᠰᠡᠨ ᠵᠥᠪᠯᠡᠮᠵᠢ ᠶᠢᠨ ᠳᠠᠭᠠᠤ ᠲᠣᠭᠠᠨ ᠭᠠᠷ ᠤᠨ ᠦᠰᠦᠭ ᠦᠨ ᠲᠥᠬᠥᠭᠡᠷᠦᠮᠵᠢ ᠠᠪᠬᠤ ᠰᠠᠨᠠᠯ ᠢ monpass ᠪᠣᠯᠤᠨ tridum ᠬᠬᠺ ᠢ ᠨᠤᠭᠤᠳ ᠲᠤ ᠲᠠᠯᠪᠢᠭᠠᠳ ᠪᠠᠶᠢᠨ᠎ᠠ᠃ ᠲᠥᠰᠥᠪ ᠦᠨ ᠰᠠᠨᠠᠯ ᠢᠷᠡᠩᠭᠦᠲᠡ ᠲᠠᠨᠢᠯᠴᠠᠭᠤᠯᠤᠨ᠎ᠠ᠃ ᠲᠣᠭᠠᠨ ᠭᠠᠷ ᠤᠨ ᠦᠰᠦᠭ ᠨᠡᠪᠲᠡᠷᠡᠭᠦᠯᠬᠦ ᠭᠡᠷᠡᠴᠢᠯᠡᠭᠡ ᠶᠢ ᠦᠨᠳᠦᠰᠦᠨ ᠦ ᠳᠠᠲ᠋ᠠ ᠲᠥᠪ ᠡᠴᠡ ᠦᠨ᠎ᠡ ᠲᠥᠯᠦᠪᠦᠷᠢ ᠦᠭᠡᠢ ᠨᠡᠶᠢᠯᠡᠭᠦᠯᠦᠨ᠎ᠡ᠃ ᠪᠦᠷᠢᠳᠦᠭᠦᠯᠬᠦ ᠪᠢᠴᠢᠭ ᠪᠠᠷᠢᠮᠲᠠ ᠳᠤ ᠲᠥᠷᠥ ᠶᠢᠨ ᠪᠠᠶᠢᠭᠤᠯᠤᠯᠭ᠎ᠠ ᠶᠢᠨ ᠪᠦᠷᠢᠳᠬᠡᠯ ᠦᠨ ᠠᠵᠢᠯᠲᠠᠨ ᠢᠶᠠᠷ ᠭᠡᠷ᠎ᠡ ᠪᠠᠶᠢᠭᠤᠯᠤᠨ ᠠᠵᠢᠯᠯᠠᠬᠤ ᠠᠵᠢᠯᠲᠠᠨ ᠨᠢ 5.1 ᠪᠣᠯᠤᠨ 5.2 ᠍ ᠳᠦ ᠵᠢᠭᠠᠭᠰᠠᠨ ᠪᠠᠷᠢᠮᠲᠠ ᠪᠢᠴᠢᠭ ᠦᠳ ᠢ ᠪᠦᠷᠢᠳᠦᠭᠦᠯᠬᠦ ᠪᠠ ᠪᠤᠰᠤᠳ ᠲᠣᠭᠠᠨ ᠭᠡᠷᠡᠴᠢᠯᠡᠭᠡ ᠬᠦᠰᠡᠭᠴᠢ ᠠᠵᠢᠯᠲᠠᠨ ᠨᠤᠭᠤᠳ ᠨᠢ ᠵᠥᠪᠬᠡᠨ 5.2 ᠍ ᠳᠦ ᠵᠢᠭᠠᠭᠳᠠᠭᠰᠠᠨ ᠪᠠᠷᠢᠮᠲᠠ ᠪᠢᠴᠢᠭ ᠦᠳ ᠢ ᠪᠦᠷᠢᠳᠦᠭᠦᠯᠦᠨ᠎ᠡ᠃
5.1 ᠲᠥᠷᠥ ᠶᠢᠨ ᠪᠠᠶᠢᠭᠤᠯᠤᠯᠭ᠎ᠠ ᠶᠢᠨ ᠪᠦᠷᠢᠳᠬᠡᠯ ᠦᠨ ᠠᠵᠢᠯᠲᠠᠨ ᠤ ᠪᠦᠷᠢᠳᠦᠭᠦᠯᠬᠦ ᠪᠠᠷᠢᠮᠲᠠ ᠪᠢᠴᠢᠭ᠄
ᠲᠥᠷᠥ ᠶᠢᠨ ᠪᠠᠶᠢᠭᠤᠯᠤᠯᠭ᠎ᠠ ᠶᠢᠨ ᠠᠯᠪᠠᠨ ᠪᠢᠴᠢᠭ /ᠪᠦᠷᠢᠳᠬᠡᠯ ᠦᠨ ᠠᠵᠢᠯᠲᠠᠨ ᠢᠶᠠᠷ ᠲᠣᠮᠢᠯᠠᠭᠰᠠᠨ ᠲᠤᠬᠠᠢ/
ᠪᠦᠷᠢᠳᠬᠡᠯ ᠦᠨ ᠠᠵᠢᠯᠲᠠᠨ ᠤ 《ᠲᠣᠭᠠᠨ ᠭᠠᠷ ᠤᠨ ᠦᠰᠦᠭ ᠣᠯᠭᠤᠬᠤ ᠳᠤ ᠬᠠᠮᠲᠤᠷᠠᠨ ᠠᠵᠢᠯᠯᠠᠬᠤ ᠭᠡᠷ ᠢᠶᠡᠨ》 /ᠡᠨᠡᠬᠦ ᠭᠡᠷ᠎ᠡ ᠪᠨ ᠦᠨ ᠰᠢᠰᠲ᠋ᠧᠮ ᠳᠦ ᠪᠦᠷᠢᠳᠬᠡᠭᠦᠯᠦᠭᠰᠡᠨ ᠦ ᠳᠠᠷᠠᠭ᠎ᠠ ᠰᠢᠰᠲ᠋ᠧᠮ ᠡᠴᠡ ᠪᠦᠷᠢᠳᠬᠡᠭᠳᠡᠭᠰᠡᠨ ᠴᠠᠬᠢᠮ ᠰᠢᠤᠳᠠᠨ ᠷᠤ ᠢᠯᠡᠭᠡᠭᠳᠡᠨ᠎ᠡ./

5.2 ᠲᠥᠷᠥ ᠶᠢᠨ ᠪᠠᠶᠢᠭᠤᠯᠤᠯᠭ᠎ᠠ ᠶᠢᠨ ᠠᠯᠪᠠᠨ ᠬᠠᠭᠠᠭᠴᠢ /ᠲᠣᠭᠠᠨ ᠭᠠᠷ ᠤᠨ ᠦᠰᠦᠭ ᠡᠵᠡᠮᠰᠢᠭᠴᠢ/ ᠍ ᠦᠨ ᠪᠦᠷᠢᠳᠦᠭᠦᠯᠬᠦ ᠪᠠᠷᠢᠮᠲᠠ ᠪᠢᠴᠢᠭ᠄

ᠲᠣᠭᠠᠨ ᠭᠠᠷ ᠤᠨ ᠦᠰᠦᠭ ᠣᠯᠭᠣᠬᠤ ᠠᠯᠪᠠᠨ ᠬᠠᠭᠠᠭᠴᠢᠳ ᠤᠨ ᠵᠢᠭᠰᠠᠭᠠᠯᠲᠠ ᠪᠦᠬᠦᠢ ᠠᠯᠪᠠᠨ ᠪᠢᠴᠢᠭ᠃ ᠠᠯᠪᠠᠨ ᠪᠢᠴᠢᠭ ᠨᠢ ᠳᠠᠷᠠᠭᠠᠬᠢ ᠮᠡᠳᠡᠭᠡᠯᠡᠯ ᠢ ᠠᠭᠤᠯᠠᠭᠰᠠᠨ ᠪᠠᠶᠢᠨ᠎ᠠ᠃ ᠡᠭᠦᠨ ᠳᠦ᠄

Oᠠᠵᠢᠯᠲᠠᠨ ᠨᠤᠭᠤᠳ ᠤᠨ ᠨᠡᠷᠡᠰ ᠦᠨ ᠵᠢᠭᠰᠠᠭᠠᠯᠲᠠ

Oᠠᠵᠢᠯᠲᠠᠨ ᠨᠤᠭᠤᠳ ᠤᠨ ᠷᠧᠭᠢᠰᠲ᠋ᠧᠷ ᠦᠨ ᠳ᠋ᠤᠭᠠᠷ ᠤᠨ ᠮᠡᠳᠡᠭᠡᠯᠡᠯ

Oᠠᠵᠢᠯᠲᠠᠨ ᠨᠤᠭᠤᠳ ᠤᠨ ᠠᠯᠪᠠᠨ ᠲᠤᠰᠢᠶᠠᠯ ᠤᠨ ᠮᠡᠳᠡᠭᠡᠯᠡᠯ

Oᠠᠵᠢᠯᠲᠠᠨ ᠨᠤᠭᠤᠳ ᠤᠨ ᠴᠠᠬᠢᠮ ᠱᠤᠤᠳᠠᠩ ᠤᠨ ᠮᠡᠳᠡᠭᠡᠯᠡᠯ

ᠲᠥᠷᠥ ᠶᠢᠨ ᠠᠯᠪᠠᠨ ᠬᠠᠭᠠᠭᠴᠢ ᠪᠦᠷ᠄

Oᠲᠣᠭᠠᠨ ᠭᠠᠷ ᠤᠨ ᠦᠰᠦᠭ ᠡᠵᠡᠮᠰᠢᠬᠦ ᠭᠡᠷ᠎ᠡ

Oᠲᠣᠭᠠᠨ ᠭᠠᠷ ᠤᠨ ᠦᠰᠦᠭ ᠦᠨ ᠭᠡᠷᠡᠴᠢᠯᠡᠭᠡ ᠡᠵᠡᠮᠰᠢᠬᠦ ᠶᠢ ᠬᠦᠰᠡᠭᠰᠡᠨ ᠡᠷᠭᠦᠳᠡᠯ

Oᠢᠷᠭᠡᠨ ᠦ ᠦᠨᠡᠮᠯᠡᠬᠡᠨ ᠦ ᠬᠠᠭᠤᠯᠪᠤᠷᠢ

Oᠠᠵᠢᠯ ᠳᠤ ᠲᠣᠮᠢᠯᠠᠭᠰᠠᠨ ᠲᠤᠰᠢᠶᠠᠯ ᠤᠨ ᠬᠠᠭᠤᠯᠪᠤᠷᠢ

ᠲᠣᠭᠠᠨ ᠭᠠᠷ ᠤᠨ ᠦᠰᠦᠭ ᠦᠨ ᠭᠡᠷᠡᠴᠢᠯᠡᠭᠡᠨ ᠳᠦ ᠬᠡᠪᠯᠡᠭᠳᠡᠬᠦ ᠮᠡᠳᠡᠭᠡᠯᠡᠯ

ᠲᠥᠷᠥ ᠶᠢᠨ ᠠᠯᠪᠠᠨ ᠬᠠᠭᠠᠭᠴᠢ ᠶᠢᠨ ᠲᠣᠭᠠᠨ ᠭᠠᠷ ᠤᠨ ᠦᠰᠦᠭ ᠦᠨ ᠭᠡᠷᠡᠴᠢᠯᠡᠭᠡᠨ ᠳᠦ ᠳᠠᠷᠠᠭᠠᠬᠢ ᠮᠡᠳᠡᠭᠡᠯᠡᠯ ᠦᠳ ᠬᠡᠪᠯᠡᠭᠳᠡᠨ᠎ᠡ᠃ ᠡᠭᠦᠨ ᠳᠦ᠄

ᠣᠪᠤᠭ
ᠨᠡᠷᠡ
ᠠᠯᠪᠠᠨ ᠲᠤᠰᠢᠶᠠᠯ
ᠭᠠᠵᠠᠷ᠂ ᠬᠡᠯᠲᠡᠰ ᠦᠨ ᠨᠡᠷ᠎ᠡ
ᠪᠠᠶᠢᠭᠤᠯᠤᠯᠭ᠎ᠠ ᠶᠢᠨ ᠨᠡᠷ᠎ᠡ
ᠴᠠᠬᠢᠮ ᠱᠤᠤᠳᠠᠩ ᠤᠨ ᠬᠠᠶᠠᠭ /ᠲᠥᠷᠥ ᠶᠢᠨ ᠠᠯᠪᠠᠨ ᠬᠠᠭᠠᠭᠴᠢ ᠶᠢᠨ/

4. ᠬᠥᠭᠵᠢᠯ ᠦᠨ ᠪᠡᠷᠬᠡᠰᠢᠶᠡᠯ ᠲᠡᠢ ᠣᠳᠣᠢ ᠬᠦᠮᠦᠨ ᠢ ᠠᠵᠢᠯᠯᠠᠭᠤᠯᠬᠤ ᠶᠣᠰᠣᠲᠠᠢ ᠬᠠᠤᠯᠢ ᠶᠢᠨ ᠵᠢᠭᠠᠯᠲᠠ ᠪᠠᠶᠢᠭ᠎ᠠ᠂ ᠡᠨᠡ ᠬᠠᠤᠯᠢ ᠶᠢᠨ ᠬᠡᠷᠡᠭᠵᠢᠯᠲᠡ ᠮᠠᠨ ᠤ ᠠᠶᠢᠮᠠᠭ ᠲᠤ ᠬᠠᠩᠭᠠᠯᠲᠠ ᠦᠭᠡᠢ ᠪᠠᠶᠢᠭ᠎ᠠ.25 ᠍ ᠠᠴᠠ ᠳᠡᠭᠡᠭᠰᠢ ᠠᠵᠢᠯᠯᠠᠭᠰᠠᠳ ᠲᠠᠢ ᠲᠣᠮᠣᠬᠠᠨ ᠠᠩᠪ ᠤᠨ ᠰᠤᠳᠤᠯᠭ᠎ᠠ ᠶᠢ ᠭᠠᠷᠭᠠᠵᠤ ᠬᠠᠤᠯᠢ ᠶᠢᠨ ᠬᠡᠷᠡᠭᠵᠢᠯᠲᠡ ᠶᠢ ᠬᠠᠩᠭᠠᠭᠤᠯᠬᠤ ᠲᠠᠯ᠎ᠠ ᠳᠡᠭᠡᠷ᠎ᠡ ᠨᠪᠬ ᠬᠠᠷᠢᠭᠤᠴᠠᠬᠤ ᠨᠪᠬ ᠬᠥᠳᠡᠯᠮᠦᠷᠢ ᠶᠢᠨ ᠲᠤᠬᠠᠢ ᠬᠠᠤᠯᠢ ᠶᠢᠨ 111 ᠍ ᠳᠦᠭᠡᠷ ᠵᠢᠭᠠᠯᠲᠠ ᠶᠢᠨ ᠳᠠᠭᠠᠤᠬᠦᠭᠵᠢᠯ ᠦᠨ ᠪᠡᠷᠬᠡᠰᠢᠶᠡᠯ ᠲᠡᠢ ᠢᠷᠭᠡᠳ ᠢ ᠠᠵᠢᠯ ᠤᠨ ᠪᠠᠶᠢᠷᠢ ᠪᠠᠷ ᠬᠠᠩᠭᠠᠵᠤ ᠠᠵᠢᠯᠯᠠᠭ᠎ᠠ ᠦᠭᠡᠢ 42 ᠠᠵᠤ ᠠᠬᠤᠢ ᠨᠢᠭᠡᠴᠡ ᠪᠠᠶᠢᠭᠤᠯᠤᠯᠭ᠎ᠠ᠂ ᠡᠭᠦᠨ ᠡᠴᠡ ᠲᠥᠷᠥ ᠶᠢᠨ ᠥᠮᠴᠢ ᠶᠢᠨ 12᠂ ᠬᠤᠪ ᠤᠨ ᠬᠡᠪᠰᠢᠯ ᠦᠨ 30 ᠪᠠᠶᠢᠭᠤᠯᠤᠯᠭ᠎ᠠ ᠪᠠᠶᠢᠨ᠎ᠠ᠃ 100 ᠍ ᠠᠴᠠ ᠳᠡᠭᠡᠭᠰᠢ ᠠᠵᠢᠯᠲᠠᠨ ᠲᠠᠢ ᠪᠠᠶᠢᠭᠤᠯᠤᠯᠭ᠎ᠠ ᠨᠤᠭᠤᠳ ᠢ ᠳᠤᠷᠢᠳᠠᠪᠠᠯ ᠳᠤᠯᠠᠭᠠᠨ ᠰᠢᠷ᠎ᠠ ᠶᠢᠨ ᠭᠣᠣᠯ ᠬᠬᠺ᠂ ᠣᠪᠭ᠂ ᠴᠭ᠂ ᠡᠷᠢᠯ ᠼᠧᠮᠧᠨᠲ᠂ ᠳᠠᠷᠬᠠᠨ ᠮᠢᠨᠵᠢ ᠬᠬᠺ᠂ ᠤᠭᠲᠡᠰᠬ ᠵᠡᠷᠭᠡ ᠪᠠᠶᠢᠨ᠎ᠠ᠃
5. ᠦᠢᠯᠡᠴᠢᠯᠡᠭᠡᠨ ᠦ ᠭᠠᠵᠠᠷ ᠤᠳ ᠢ ᠪᠠᠷᠢᠮᠲᠠ ᠥᠭᠳᠡᠭ ᠦᠭᠡᠢ ᠭᠡᠰᠡᠨ ᠭᠣᠮᠣᠳᠠᠯ ᠤᠳ ᠶᠡᠬᠡ ᠪᠠᠶᠢᠨ᠎ᠠ᠃ ᠦᠢᠯᠡᠴᠢᠯᠡᠭᠡᠨ ᠦ ᠭᠠᠵᠠᠷ ᠤᠳ ᠤᠨ ᠡᠷᠬᠡ ᠵᠦᠢ ᠶᠢᠨ ᠬᠡᠮ ᠬᠡᠮᠵᠢᠶ᠎ᠡ ᠶᠢ ᠲᠣᠭᠲᠠᠭᠠᠭᠰᠠᠨ ᠠᠺᠲ ᠭᠠᠷᠭᠠᠬᠤ ᠪᠣᠯᠤᠮᠵᠢ ᠪᠠᠶᠢᠭ᠎ᠠ ᠡᠰᠡᠬᠦ ᠶᠢ ᠰᠤᠳᠤᠯᠬᠤ᠂ ᠡᠷᠬᠡ ᠵᠦᠢ ᠶᠢᠨ ᠪᠠᠷᠢᠮᠲᠠ ᠪᠢᠴᠢᠭ ᠲᠡᠢ ᠪᠣᠯᠵᠤ ᠵᠢᠷᠤᠮᠯᠠᠬᠤ ᠱᠠᠭᠠᠷᠳᠠᠯᠭ᠎ᠠ ᠲᠠᠢ ᠪᠠᠶᠢᠨ᠎ᠠ᠃ ᠦᠢᠯᠡᠴᠢᠯᠡᠭᠡᠨ ᠦ ᠭᠠᠵᠠᠷ ᠤᠳ ᠤᠨ ᠵᠢᠭᠰᠠᠭᠠᠯᠲᠠ ᠶᠢ ᠭᠠᠷᠭᠠᠵᠤ ᠥᠭᠬᠦ᠃ ᠴᠢᠭᠯᠡᠯ ᠴᠢᠭᠯᠡᠯ ᠦᠨ ᠬᠢ ᠨᠢ ᠳᠠᠭᠠᠤ ᠠᠵᠢᠯ ᠤᠨ ᠬᠡᠰᠡᠭ ᠲᠣᠮᠢᠯᠠᠭᠠᠳ ᠵᠠᠬᠢᠷᠤᠮᠵᠢ ᠶᠢᠨ ᠲᠥᠰᠥᠯ ᠪᠣᠯᠪᠠᠰᠤᠷᠠᠭᠤᠯᠬᠤ ᠬᠣᠬᠪᠬ ᠠᠬᠤᠢ ᠶᠢᠨ ᠦᠢᠯᠡᠴᠢᠯᠡᠭᠡᠨ ᠦ ᠭᠠᠵᠠᠷ ᠤᠳ ᠤᠨ ᠰᠤᠳᠤᠯᠭ᠎ᠠ ᠶᠢ ᠭᠠᠷᠭᠠᠭᠰᠠᠨ᠃ ᠵᠠᠬᠢᠷᠤᠮᠵᠢ ᠶᠢᠨ ᠲᠥᠰᠥᠯ ᠢ ᠪᠣᠯᠪᠠᠰᠤᠷᠠᠭᠤᠯᠵᠤ ᠪᠠᠶᠢᠨ᠎ᠠ᠃
6. ᠤᠡᠬ ᠶᠢᠨ ᠭᠡᠰᠢᠭᠦᠨ ᠪ.ᠪᠠᠲᠤᠲᠡᠮᠦᠷ ᠪᠨᠰᠤ ᠳᠦ ᠠᠯᠪᠠᠨ ᠠᠵᠢᠯ ᠢᠶᠠᠷ ᠠᠵᠢᠯᠯᠠᠵᠤ ᠪᠠᠶᠢᠭ᠎ᠠ᠃ ᠲᠤᠰ ᠤᠯᠠᠰ ᠤᠨᠫᠦ᠋ᠴᠶᠣᠨ ᠬᠣᠲᠠ ᠶᠢᠨ ᠣᠷᠣᠨ ᠨᠤᠲᠤᠭ ᠤᠨ ᠤᠳᠤᠷᠢᠳᠤᠯᠭ᠎ᠠ ᠨᠤᠭᠤᠳ ᠲᠠᠢ ᠠᠭᠤᠯᠵᠠᠭᠠᠳ ᠮᠠᠨ ᠤ ᠠᠶᠢᠮᠠᠭ ᠲᠤ 5 ᠢᠵᠢ ᠪᠦᠷᠢᠨ ᠲᠣᠨᠣᠭᠯᠠᠭᠳᠠᠭᠰᠠᠨ ᠲᠦᠷᠭᠡᠨ ᠦ ᠠᠦ᠋ᠲ᠋ᠣᠮᠠᠰᠢᠨ ᠪᠡᠯᠡᠭᠯᠡᠭᠦᠯᠬᠦ ᠪᠣᠯᠤᠮᠵᠢ ᠲᠠᠢ ᠪᠠᠶᠢᠨ᠎ᠠ ᠭᠡᠰᠡᠨ᠃ ᠠᠦ᠋ᠲ᠋ᠣᠮᠠᠰᠢᠨ ᠢ ᠲᠠᠲᠠᠵᠤ ᠢᠷᠡᠵᠦ ᠪᠠᠶᠢᠭ᠎ᠠ ᠵᠠᠷᠤᠳᠠᠯ ᠤᠨ ᠠᠰᠠᠭᠤᠳᠠᠯ ᠢ ᠰᠢ ᠳᠦ ᠬᠢ ᠬᠡᠷᠡᠭᠲᠡᠢ ᠪᠠᠶᠢᠨ᠎ᠠ᠃ ᠵᠠᠮ ᠤᠨ ᠡᠭᠦᠳᠡ ᠡᠴᠡ ᠳᠠᠷᠬᠠᠨ ᠠᠭᠤᠯᠠ ᠠᠶᠢᠮᠠᠭ ᠲᠤ ᠲᠠᠲᠠᠬᠤ ᠵᠠᠷᠤᠳᠠᠯ ᠢ ᠰᠤᠮᠤ ᠳᠤ ᠬᠠᠷᠢᠭᠤᠴᠠᠬᠤ ᠬᠡᠷᠡᠭᠲᠡᠢ ᠪᠠᠶᠢᠨ᠎ᠠ᠃ ᠵᠠᠷᠤᠳᠠᠯ ᠤᠨ ᠲᠣᠭᠠᠴᠠᠭ᠎ᠠ 5 ᠰᠠᠶ᠎ᠠ ᠲᠥᠭᠦᠷᠢᠭᠡᠨ ᠦ ᠲᠣᠭᠠᠴᠠᠭ᠎ᠠ ᠪᠠᠶᠢᠭ᠎ᠠ ᠲᠤᠯᠠ ᠰᠤᠮᠤᠳ ᠤᠨ ᠵᠠᠰᠠᠭ ᠳᠠᠷᠤᠭ᠎ᠠ ᠨᠠᠷ ᠲᠣᠳᠣᠳᠬᠠᠯ ᠳᠤ ᠪᠠᠨ ᠰᠠᠭᠤᠯᠭᠠᠵᠤ ᠥᠭᠬᠦ ᠶᠢ ᠡᠭᠦᠷᠭᠡ ᠪᠣᠯᠭᠠᠵᠤ ᠪᠠᠶᠢᠨ᠎ᠠ᠃ ᠰᠤᠮᠤᠳ ᠤᠨ ᠡᠷᠡᠭᠦᠯ ᠮᠡᠨᠳᠦ ᠶᠢᠨ ᠲᠥᠪ ᠲᠦ ᠲᠦᠷᠭᠡᠨ ᠦ ᠠᠦ᠋ᠲ᠋ᠣᠮᠠᠰᠢᠨ ᠢ ᠥᠭᠬᠦ ᠪᠣᠯᠤᠨ᠎ᠠ. ᠰᠤᠮᠤᠳ ᠤᠨ ᠵᠡᠳᠲᠡᠭ

7. ᠰᠫᠣᠷᠲ ᠴᠣᠭᠴᠠᠯᠠᠪᠤᠷᠢ ᠶᠢᠨ ᠠᠰᠢᠭᠯᠠᠯᠲᠠ ᠶᠢᠨ ᠡᠮᠦᠨᠡᠬᠢ ᠵᠠᠬᠢᠷᠭᠠᠨ ᠤ ᠬᠢᠨ ᠢ ᠳᠠᠭᠤᠳᠠᠵᠤ ᠠᠭᠤᠯᠵᠠᠬᠤ᠂ ᠥᠷᠥᠭᠡ ᠲᠠᠰᠤᠯᠭᠠᠨ ᠤ ᠬᠤᠪᠢᠶᠠᠷᠢᠯᠠᠯᠲᠠ ᠪᠣᠯᠤᠨ ᠪᠤᠰᠤᠳ ᠠᠰᠠᠭᠤᠳᠠᠯ ᠤᠳ ᠳᠡᠭᠡᠷ᠎ᠡ ᠤᠷᠢᠳᠴᠢᠯᠠᠭᠰᠠᠨ ᠪᠠᠶᠢᠳᠠᠯ ᠢᠶᠠᠷ ᠠᠭᠤᠯᠵᠠᠯᠲᠠ ᠬᠢᠬᠦ ᠨᠪᠬ 《ᠨᠡᠮᠡᠪᠤᠷ》 ᠬᠬᠺ ᠦᠨ ᠵᠠᠬᠢᠷᠤᠯ ᠣ.ᠨᠡᠮᠡᠬᠡᠪᠣᠯᠤᠳ᠂ 《ᠢᠳᠧᠠᠯ ᠭᠷᠦᠶᠢᠫ》 ᠬᠬᠺ ᠦᠨ ᠵᠠᠬᠢᠷᠤᠯ ᠨ.ᠮᠢᠵᠢᠳᠳᠣᠷᠵᠢ ᠨᠠᠷᠠᠲᠤ ᠰᠫᠣᠷᠲ ᠴᠣᠭᠴᠠᠯᠠᠪᠤᠷᠢ ᠶᠢᠨ 2019 ᠣᠨ ᠳᠤ ᠬᠢᠭᠳᠡᠬᠦ ᠠᠵᠢᠯ ᠤᠨ ᠬᠤᠪᠢᠶᠠᠷᠢ ᠪᠣᠯᠤᠨ ᠥᠭᠡᠷᠡᠴᠢᠯᠡᠯᠲᠡ ᠶᠢᠨ ᠵᠢᠷᠤᠭ ᠢ ᠠᠺᠲ ᠢᠶᠠᠷ ᠬᠦᠯᠢᠶᠡᠯᠴᠡᠬᠦ ᠲᠤᠬᠠᠢ ᠵᠠᠰᠠᠭ ᠳᠠᠷᠤᠭ᠎ᠠ ᠶᠢᠨ ᠣᠷᠣᠯᠠᠭᠴᠢ ᠲ.ᠭᠠᠩᠪᠣᠯᠣᠳ ᠤᠨ 2019.03.05 ᠍ ᠤ ᠡᠳᠦᠷ ᠦᠨ 1-10/151᠂ 1-10-152 ᠳ᠋ᠤᠭᠠᠷ ᠠᠯᠪᠠᠨ ᠪᠢᠴᠢᠭ ᠢ ᠬᠦᠷᠭᠡᠭᠦᠯᠦᠭᠰᠡᠨ᠃
8. ᠰᠢᠨ᠎ᠡ ᠪᠡᠷ ᠠᠰᠢᠭᠯᠠᠯᠲᠠᠨ ᠳᠤ ᠣᠷᠣᠭᠰᠠᠨ ᠴᠡᠴᠡᠷᠯᠢᠭ ᠲᠦ 8 ᠳ᠋ᠤᠭᠠᠷ ᠪᠠᠭ᠎ᠠ ᠠᠴᠠ ᠭᠠᠳᠠᠨ᠎ᠠ ᠣᠶᠢᠷ᠎ᠠ ᠣᠷᠴᠢᠮ ᠤᠨ ᠪᠠᠭ᠎ᠠ ᠠᠴᠠ ᠬᠡᠦᠬᠡᠳ ᠦᠨ ᠰᠤᠳᠤᠯᠭ᠎ᠠ ᠶᠢ ᠠᠪᠴᠤ ᠬᠠᠮᠤᠷᠤᠭᠤᠯᠬᠤ᠃ ᠪᠦᠲᠦᠨ ᠴᠡᠴᠡᠷᠯᠢᠭ ᠦᠨ ᠲᠥᠰᠥᠪ ᠢᠶᠡᠷ ᠠᠵᠢᠯᠯᠠᠭᠤᠯᠵᠤ ᠪᠠᠶᠢᠭ᠎ᠠ ᠲᠤᠯᠠ ᠬᠠᠮᠤᠷᠬᠤ ᠬᠦᠷ᠎ᠡ ᠶᠢ ᠨᠡᠮᠡᠭᠳᠡᠭᠦᠯᠬᠦ ᠱᠠᠭᠠᠷᠳᠠᠯᠭ᠎ᠠ ᠲᠠᠢ ᠪᠠᠶᠢᠨ᠎ᠠ. ᠰᠢᠨ᠎ᠡ ᠪᠡᠷ ᠠᠰᠢᠭᠯᠠᠯᠲᠠᠨ ᠳᠤ ᠣᠷᠣᠭᠰᠠᠨ ᠴᠡᠴᠡᠷᠯᠢᠭ ᠲᠦ ᠬᠠᠮᠤᠷᠤᠭᠳᠠᠬᠤ ᠬᠡᠦᠬᠡᠳ ᠦᠳ ᠦᠨ ᠰᠤᠳᠤᠯᠭ᠎ᠠ ᠶᠢ ᠨᠢᠭᠡᠳᠬᠡᠨ ᠠᠵᠢᠯᠯᠠᠵᠤ ᠪᠠᠶᠢᠨ᠎ᠠ᠃

ᠬᠢᠨᠠᠭᠰᠠᠨ᠄ ᠲᠥᠷᠥ ᠶᠢᠨ ᠵᠠᠬᠢᠷᠭᠠᠨ ᠤ ᠤᠳᠤᠷᠢᠳᠤᠯᠭ᠎ᠠ ᠶᠢᠨ ᠬᠡᠯᠲᠡᠰ ᠦᠨ ᠳᠠᠷᠤᠭ᠎ᠠ ᠫ.ᠪᠠᠶᠠᠷᠰᠠᠶᠢᠬᠠᠨ

ᠨᠢᠭᠡᠳᠬᠡᠭᠰᠡᠨ᠄ ᠲᠥᠷᠥ ᠶᠢᠨ ᠵᠠᠬᠢᠷᠭᠠᠨ ᠤ ᠤᠳᠤᠷᠢᠳᠤᠯᠭ᠎ᠠ ᠶᠢᠨ ᠬᠡᠯᠲᠡᠰ ᠦᠨ ᠮᠡᠷᠭᠡᠵᠢᠯᠲᠡᠨ ᠶᠠ.ᠭᠡᠷᠡᠯᠰᠦ᠋ᠬᠡ