2018.09.24 ᠍ ᠦ ᠡᠳᠦᠷ ᠦᠨ ᠰᠢᠭᠤᠷᠬᠠᠢ ᠬᠤᠷᠠᠯ ᠤᠨ ᠪᠡᠶᠡᠯᠡᠯ ᠳᠦ

2018 ᠣᠨ ᠤ 09 ᠰᠠᠷ᠎ᠠ ᠶᠢᠨ 24 ᠍ ᠦ ᠡᠳᠦᠷ ᠦᠨ

ᠰᠢᠭᠤᠷᠬᠠᠢ ᠬᠤᠷᠠᠯ ᠠᠴᠠ ᠥᠭᠭᠦᠭᠰᠡᠨ ᠡᠭᠦᠷᠭᠡ ᠳᠠᠭᠠᠭᠠᠯᠭᠠᠪᠤᠷᠢ ᠶᠢᠨ ᠬᠡᠷᠡᠭᠵᠢᠯᠲᠡ

2018 ᠣᠨ ᠤ 09 ᠳ᠋ᠤᠭᠠᠷ ᠰᠠᠷ᠎ᠠ ᠶᠢᠨ 24 № 29 ᠳᠠᠷᠬᠠᠨ-ᠠᠭᠤᠯᠠ ᠠᠶᠢᠮᠠᠭ

№ ᠥᠭᠭᠦᠭᠳᠡᠭᠰᠡᠨ ᠡᠭᠦᠷᠭᠡ ᠳᠠᠭᠠᠭᠠᠯᠭᠠᠪᠤᠷᠢ ᠬᠠᠷᠢᠭᠤᠴᠠᠬᠤ ᠡᠵᠡᠨ ᠬᠡᠷᠡᠭᠵᠢᠯᠲᠡ
1. ᠲᠥᠰᠥᠪ ᠦᠨ ᠲᠣᠳᠣᠳᠬᠠᠯ ᠢᠶᠠᠷ ᠶᠠᠷᠢᠭᠳᠠᠭᠰᠠᠨ 26 ᠲᠥᠰᠥᠯ ᠠᠷᠭ᠎ᠠ ᠬᠡᠮᠵᠢᠶ᠎ᠡ ᠪᠠᠶᠢᠭ᠎ᠠ᠃ ᠰᠢᠭᠤᠳ ᠭᠡᠷ ᠢᠶᠡᠨ ᠬᠢᠬᠦ ᠭᠠᠵᠠᠷ ᠲᠠᠢ ᠨᠢ ᠥᠨᠥᠳᠥᠷ ᠭᠡᠷ ᠢᠶᠡᠨ ᠬᠢᠬᠦ ᠬᠡᠷᠡᠭᠲᠡᠢ ᠪᠠᠶᠢᠨ᠎ᠠ. ХОХБТХ

ᠲᠥᠰᠥᠪ ᠦᠨ ᠲᠣᠳᠣᠳᠬᠠᠯ ᠬᠢᠭᠳᠡᠭᠰᠡᠨ ᠨᠡᠶᠢᠲᠡ 8 ᠠᠵᠢᠯ ᠤᠨ ᠰᠢᠭᠤᠳ ᠭᠡᠷ᠎ᠡ ᠪᠠᠶᠢᠭᠤᠯᠤᠭᠰᠠᠨ. -ᠳᠠᠷᠬᠠᠨ ᠰᠤᠮᠤ ᠶᠢᠨ 14 ᠍ ᠳᠦᠭᠡᠷ ᠪᠠᠭ 35 ᠍ ᠳᠦᠭᠡᠷ ᠪᠠᠶᠢᠷᠢᠨ ᠤ ᠤᠷᠳᠤ ᠠᠦ᠋ᠲ᠋ᠣᠮᠠᠰᠢᠨ ᠤ ᠵᠣᠭᠰᠣᠭᠠᠯ ᠰᠢᠨ᠎ᠡ ᠪᠡᠷ ᠪᠠᠶᠢᠭᠤᠯᠬᠤ 9.0 ᠰᠠᠶ᠎ᠠ ᠲᠥᠭᠥᠷᠢᠭ ᠦᠨ ᠲᠥᠰᠥᠪ ᠲᠦ ᠠᠵᠢᠯ ᠢ ᠨᠠᠷᠠᠨ ᠰᠢᠸᠢᠯ ХХК᠂ -ᠳᠠᠷᠬᠠᠨ ᠰᠤᠮᠤ ᠶᠢᠨ 9 ᠍ ᠳᠦᠭᠡᠷ ᠪᠠᠭ 4.7 ᠪᠠᠶᠢᠷᠢᠨ ᠤ ᠤᠷᠳᠤ ᠠᠦ᠋ᠲ᠋ᠣᠵᠣᠭᠰᠣᠭᠠᠯ ᠰᠢᠨᠡᠳᠭᠡᠬᠦ 6.2 ᠰᠠᠶ᠎ᠠ ᠲᠥᠭᠥᠷᠢᠭ ᠦᠨ ᠠᠵᠢᠯ ᠢ ᠨᠠᠷᠠᠨ ᠰᠢᠸᠢᠯ ХХК᠂-ᠳᠠᠷᠬᠠᠨ ᠰᠤᠮᠤ ᠶᠢᠨ 9 ᠍ ᠳᠦᠭᠡᠷ ᠪᠠᠭ ᠮᠣᠷᠢᠨ ᠬᠤᠭᠤᠷ ᠴᠣᠭᠴᠠᠯᠠᠪᠤᠷᠢ ᠶᠢᠨ ᠡᠩᠭᠡᠷ ᠦᠨ ᠨᠣᠭᠣᠭᠠᠨ ᠪᠠᠶᠢᠭᠤᠯᠤᠮᠵᠢ ᠪᠦᠬᠦᠢ ᠲᠥᠭᠡᠯ ᠳᠦ ᠥᠨᠳᠥᠷ ᠦᠨ ᠭᠡᠷᠡᠯ ᠰᠢᠨ᠎ᠡ ᠪᠡᠷ ᠰᠠᠭᠤᠷᠢᠯᠠᠭᠤᠯᠬᠤ 9.7 ᠰᠠᠶ᠎ᠠ ᠲᠥᠭᠥᠷᠢᠭ ᠦᠨ ᠠᠵᠢᠯ ᠢ ᠪᠰᠦ ᠳᠦ ᠺᠦᠢ ХХК᠂

-ᠳᠠᠷᠬᠠᠨ ᠰᠤᠮᠤ ᠶᠢᠨ 18 ᠍ ᠳᠦᠭᠡᠷ ᠰᠤᠷᠭᠠᠭᠤᠯᠢ ᠶᠢᠨ ᠰᠠᠨᠲ᠋ᠧᠺᠨᠢᠺ ᠤᠨ ᠵᠠᠰᠠᠪᠤᠷᠢ ᠶᠢᠨ 3.9 ᠰᠠᠶ᠎ᠠ ᠲᠥᠭᠥᠷᠢᠭ ᠦᠨ ᠠᠵᠢᠯ ᠢ ᠳᠤᠯᠠᠭᠠᠨ ᠰᠧᠷᠠᠸᠢᠰ ХХК᠂

-ᠳᠠᠷᠬᠠᠨ ᠰᠤᠮᠤ ᠶᠢᠨ 12 ᠍ ᠳᠦᠭᠡᠷ ᠪᠠᠭ ᠤᠨ 21᠂ 24 ᠍ ᠳᠦᠭᠡᠷ ᠪᠠᠶᠢᠷᠢᠨ ᠤ ᠳᠤᠮᠳᠠᠬᠢ ᠵᠠᠮ ᠢ ᠲᠥᠪ ᠵᠠᠮ ᠲᠠᠢ ᠬᠣᠯᠪᠣᠭᠰᠠᠨ ᠭᠠᠷᠴᠠ ᠶᠢ ᠦᠷᠭᠡᠳᠭᠡᠬᠦ 2.1 ᠰᠠᠶ᠎ᠠ ᠲᠥᠭᠥᠷᠢᠭ᠂ -ᠰᠢᠷᠤᠶᠢᠨ ᠵᠠᠮ ᠤᠨ ᠵᠠᠰᠠᠪᠤᠷᠢ ᠶᠢᠨ 6.9 ᠰᠠᠶ᠎ᠠ ᠲᠥᠭᠥᠷᠢᠭ ᠦᠨ ᠠᠵᠢᠯ ᠢ ᠳᠠᠷᠬᠠᠨ-АЗЗА ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ᠂

-ᠰᠲ᠋ᠠᠨᠳᠠᠷᠲ ᠬᠡᠮᠵᠢᠯᠡᠵᠦᠢ ᠶᠢᠨ ᠬᠡᠯᠲᠡᠰ ᠦᠨ ᠪᠠᠷᠢᠯᠭ᠎ᠠ ᠶᠢᠨ ᠵᠠᠰᠠᠪᠤᠷᠢ᠂ ᠥᠷᠭᠡᠳᠬᠡᠯ ᠦᠨ 8.2 ᠰᠠᠶ᠎ᠠ ᠲᠥᠭᠥᠷᠢᠭ ᠦᠨ ᠠᠵᠢᠯ ᠤᠨ᠂

-26 ᠍ ᠳᠦᠭᠡᠷ ᠴᠡᠴᠡᠷᠯᠢᠭ ᠲᠦ ᠵᠥᠭᠡᠯᠡᠨ ᠡᠳ᠋ᠯᠡᠯ ᠨᠡᠶᠢᠯᠡᠭᠦᠯᠬᠦ 8᠂9 ᠰᠠᠶ᠎ᠠ ᠲᠥᠭᠥᠷᠢᠭ ᠦᠨ ᠠᠵᠢᠯ ᠤᠨ ᠭᠡᠷ᠎ᠡ ᠶᠢ ᠲᠤᠰ ᠲᠤᠰ ᠪᠠᠶᠢᠭᠤᠯᠤᠭᠰᠠᠨ᠃

ᠤᠯᠤᠰ ᠤᠨ ᠪᠦᠷᠢᠳᠬᠡᠯ ᠦᠨ ᠨᠢᠭᠡᠳᠦᠭᠰᠡᠨ ᠰᠢᠰᠲ᠋ᠧᠮ ᠳᠦ ᠬᠣᠩᠭᠣᠷ᠂ ᠣᠷᠬᠣᠨ ᠰᠤᠮᠤᠳ ᠢ ᠬᠤᠯᠪᠤᠬᠤ 3.0 ᠰᠠᠶ᠎ᠠ ᠲᠥᠭᠥᠷᠢᠭ ᠦᠨ ᠠᠵᠢᠯ ᠤᠨ ᠭᠦᠢᠴᠡᠳᠬᠡᠭᠴᠢ ᠲᠣᠳᠣᠷᠬᠠᠢ ᠪᠣᠯᠤᠭ᠎ᠠ ᠦᠭᠡᠢ. /УБХ ᠍ ᠡᠴᠡ ᠢᠷᠡᠭᠦᠯᠬᠦ/

ᠮᠣᠳᠣ ᠪᠤᠲᠠ ᠲᠠᠲᠠᠬᠤ ᠵᠠᠷᠤᠳᠠᠯ᠂ ᠮᠣᠳᠣ ᠬᠤᠳᠠᠯᠳᠤᠨ ᠠᠪᠬᠤ ᠠᠵᠢᠯ ᠤᠨ ᠭᠡᠷ᠎ᠡ ᠪᠠᠶᠢᠭᠤᠯᠤᠭᠳᠠᠭ᠎ᠠ ᠦᠭᠡᠢ /ᠬᠤᠭᠤᠴᠠᠭ᠎ᠠ ᠪᠣᠯᠤᠭ᠎ᠠ ᠦᠭᠡᠢ/

2. ᠨᠠᠮᠤᠷ ᠤᠨ ᠮᠣᠳᠣ ᠲᠠᠷᠢᠯᠲᠠ ᠶᠢᠨ ᠠᠵᠢᠯ ᠢ ᠡᠨᠡ ᠳᠣᠯᠣᠭ᠎ᠠ ᠬᠣᠨᠣᠭ ᠠᠴᠠ ᠡᠬᠢᠯᠡᠬᠦ᠂ ᠬᠠᠰᠢᠶ᠎ᠠ ᠪᠠᠷᠢᠬᠤ ᠨᠦᠬᠡ ᠤᠬᠤᠬᠤ ᠬᠦᠮᠦᠨ ᠬᠦᠴᠦᠨ ᠦ ᠠᠰᠠᠭᠤᠳᠠᠯ ᠢ ХХҮГ ᠍ ᠤᠨ ᠳᠠᠷᠤᠭ᠎ᠠ ᠡᠩᠬᠡᠪᠣᠯᠤᠳ ᠲᠤ /ᠠᠵᠢᠯᠯᠠᠬᠤ ᠬᠦᠮᠦᠨ ᠭᠠᠷᠭᠠᠵᠤ ᠥᠭᠬᠦ ᠶᠢ/ ᠬᠡᠯᠡᠨ᠎ᠡ᠃ МСҮТ ᠍ ᠦᠨ ᠣᠶᠤᠲᠠᠨ ᠨᠤᠭᠤᠳ ᠢ ᠣᠷᠤᠯᠴᠠᠭᠤᠯᠵᠤ ᠨᠦᠬᠡ ᠤᠬᠤᠭᠤᠯᠬᠤ ᠠᠵᠢᠯ ᠳᠤ ᠬᠠᠮᠤᠷᠤᠭᠤᠯᠤᠭᠠᠷᠠᠢ. НБХ᠂ ЗА ᠵᠠᠬᠢᠷᠤᠭᠴᠢ ᠶᠢᠨ ᠠᠯᠪᠠᠨ ᠠᠴᠠ 10 ᠳ᠋ᠤᠭᠠᠷ ᠰᠠᠷ᠎ᠠ ᠶᠢᠨ 10 ᠍ ᠠᠴᠠ ᠮᠣᠳᠣ ᠲᠠᠷᠢᠬᠤ ᠭᠠᠵᠠᠷ ᠤᠨ ᠬᠤᠪᠢᠶᠠᠷᠢᠯᠠᠯᠲᠠ ᠬᠢᠵᠦ᠂ 10 ᠰᠠᠷ᠎ᠠ ᠶᠢᠨ 13-14 ᠨᠳ ᠮᠣᠳᠣ ᠲᠠᠷᠢᠬᠤ ᠪᠠᠷ ᠪᠡᠯᠡᠳᠬᠡᠵᠦ ᠪᠠᠶᠢᠨ᠎ᠠ᠃ ХХҮГ ᠍ ᠠᠴᠠ ᠵᠣᠬᠢᠶᠠᠨ ᠪᠠᠶᠢᠭᠤᠯᠤᠯᠲᠠ ᠲᠠᠢ ᠠᠵᠢᠯ ᠤᠨ ᠪᠠᠶᠢᠷᠢ ᠶᠢ ᠪᠤᠢ ᠪᠣᠯᠭᠠᠬᠤ ᠲᠤᠷᠰᠢᠯᠲᠠ ᠶᠢᠨ ᠲᠥᠰᠥᠯ ᠳᠦ ᠬᠠᠮᠤᠷᠤᠭᠳᠠᠭᠰᠠᠨ 12 ᠬᠦᠮᠦᠨ ᠢ ᠬᠠᠮᠤᠷᠤᠭᠤᠯᠬᠤ ᠪᠠᠷ ᠠᠵᠢᠯᠯᠠᠵᠤ ᠪᠠᠶᠢᠨ᠎ᠠ᠃
3. ᠰᠠᠩ ᠤᠨ ᠶᠠᠮᠤᠨ ᠠᠴᠠ ᠰᠢᠯᠭᠠᠯᠲᠠ ᠢᠷᠡᠭᠰᠡᠨ ᠪᠠᠶᠢᠭ᠎ᠠ᠃ ᠰᠠᠩ ᠤᠨ ᠰᠠᠶᠢᠳ ᠤᠨ ᠤᠳᠤᠷᠢᠳᠤᠮᠵᠢ ᠲᠠᠢ 2016᠂ 2017 ᠣᠨ ᠤ ᠪᠦᠬᠦ ᠪᠢᠴᠢᠭ ᠪᠠᠷᠢᠮᠲᠠ ᠶᠢ ᠦᠵᠡᠨ᠎ᠡ. ТЗУХ ᠰᠢᠯᠭᠠᠯᠲᠠ ᠶᠢᠨ ᠠᠵᠢᠯ ᠤᠨ ᠬᠡᠰᠡᠭ ᠲᠦ ᠱᠠᠭᠠᠷᠳᠠᠯᠭ᠎ᠠ ᠲᠠᠢ ᠪᠢᠴᠢᠭ ᠪᠠᠷᠢᠮᠲᠠ ᠶᠢ ᠠᠷᠬᠢᠸ ᠠᠴᠠ ᠭᠠᠷᠭᠠᠵᠤ ᠥᠭᠭᠦᠭᠰᠡᠨ᠃
4. ᠤᠳᠤᠷᠢᠳᠤᠯᠭ᠎ᠠ ᠨᠤᠭᠤᠳ ᠤᠨ ᠲᠦᠪᠰᠢᠨ ᠳᠦ ᠴᠠᠭ ᠠᠰᠢᠭᠯᠠᠯᠲᠠ ᠪᠠᠨ ᠠᠩᠬᠠᠷᠬᠤ ᠬᠡᠷᠡᠭᠲᠡᠢ ᠪᠠᠶᠢᠨ᠎ᠠ᠃ ᠴᠠᠭ ᠠᠰᠢᠭᠯᠠᠯᠲᠠ ᠪᠦᠷᠢᠨ ᠬᠠᠩᠭᠠᠯᠲᠠ ᠦᠭᠡᠢ ᠪᠠᠶᠢᠨ᠎ᠠ᠃ ᠡᠭᠦᠳᠡᠨ ᠦ ᠪᠡᠨ ᠵᠢᠵᠢᠭᠦᠷ ᠲᠦ ᠬᠠᠮᠢᠭᠠᠰᠢ ᠪᠠᠨ ᠶᠠᠪᠤᠵᠤ ᠪᠠᠶᠢᠭ᠎ᠠ ᠪᠠᠨ ᠬᠡᠯᠡᠭᠡᠳ ᠭᠠᠷᠴᠤ ᠪᠠᠶᠢᠬᠤ᠃ ᠴᠠᠭ ᠠᠰᠢᠭᠯᠠᠯᠲᠠ ᠶᠢ ᠰᠢᠨ᠎ᠡ ᠲᠦᠪᠰᠢᠨ ᠳᠦ ᠬᠡᠷᠡᠭᠵᠢᠭᠦᠯᠬᠦ ᠬᠡᠷᠡᠭᠲᠡᠢ ᠪᠠᠶᠢᠨ᠎ᠠ. ᠴᠠᠭ ᠠᠰᠢᠭᠯᠠᠯᠲᠠ ᠶᠢᠨ ᠪᠦᠷᠢᠳᠬᠡᠯ ᠢ 《ABLE》 ᠫᠷᠣᠭᠷᠠᠮ ᠠᠴᠠ 7 ᠬᠣᠨᠣᠭ ᠪᠦᠷᠢ ᠭᠠᠷᠭᠠᠨ ᠠᠪᠴᠤ ЗДТГ ᠍ ᠤᠨ ᠳᠠᠷᠤᠭ᠎ᠠ ᠳᠤ ᠲᠠᠨᠢᠯᠴᠠᠭᠤᠯᠵᠤ ᠪᠠᠶᠢᠭ᠎ᠠ᠃
5. ᠬᠡᠯᠲᠡᠰ ᠦᠨ ᠳᠠᠷᠤᠭ᠎ᠠ ᠨᠠᠷ ᠲᠣᠮᠢᠯᠠᠯᠲᠠ ᠪᠠᠷ ᠶᠠᠪᠤᠬᠤ ᠪᠣᠯ ᠵᠠᠰᠠᠭ ᠳᠠᠷᠤᠭ᠎ᠠ ᠳᠤ ᠮᠡᠳᠡᠭᠳᠡᠬᠦ. ᠬᠡᠯᠲᠡᠰ ᠦᠨ ᠳᠠᠷᠤᠭ᠎ᠠ ᠨᠠᠷ ᠲᠣᠮᠢᠯᠠᠯᠲᠠ ᠪᠠᠷ ᠶᠠᠪᠤᠬᠤ ᠳᠤ ᠪᠠᠨ ᠵᠠᠰᠠᠭ ᠳᠠᠷᠤᠭ᠎ᠠ ᠳᠤ ᠮᠡᠳᠡᠭᠳᠡᠬᠦ᠂ ᠵᠥᠪᠰᠢᠯᠴᠡᠵᠦ ᠪᠠᠶᠢᠬᠤ ᠶᠢ ᠠᠩᠬᠠᠷᠤᠭᠤᠯᠵᠤ ᠬᠡᠯᠡᠭᠰᠡᠨ᠃
6. ᠬᠤᠪᠢᠶᠠᠷᠢ ᠶᠢᠨ ᠳᠠᠭᠠᠤ ᠬᠤᠷᠠᠯ ᠤᠳ ᠤᠨ ᠪᠡᠯᠡᠳᠬᠡᠯ ᠠᠵᠢᠯ ᠢ ᠬᠠᠩᠭᠠᠵᠤ ᠣᠷᠣᠯᠴᠠᠭᠠᠷᠠᠢ. ᠬᠤᠪᠢᠶᠠᠷᠢ ᠶᠢᠨ ᠳᠠᠭᠠᠤ ᠵᠠᠰᠠᠭ ᠳᠠᠷᠤᠭ᠎ᠠ ᠶᠢᠨ ᠵᠥᠪᠯᠡᠯ ᠦᠨ ᠬᠤᠷᠠᠯ ᠪᠣᠯᠤᠨ ᠤᠳᠤᠷᠢᠳᠬᠤ ᠠᠵᠢᠯᠲᠠᠨ ᠤ ᠵᠥᠪᠯᠡᠭᠡᠨ ᠢ 2018.09.28 ᠍ ᠤ ᠡᠳᠦᠷ ᠵᠣᠬᠢᠶᠠᠨ ᠪᠠᠶᠢᠭᠤᠯᠤᠭᠰᠠᠨ᠃
7. ᠰᠤᠷᠭᠠᠭᠤᠯᠢ ᠴᠡᠴᠡᠷᠯᠢᠭ ᠦᠨ ᠬᠠᠯᠠᠭᠠᠯᠲᠠ ᠶᠢ ᠠᠩᠬᠠᠷᠤᠯ ᠳᠤ ᠪᠠᠨ ᠠᠪᠬᠤ᠂ ᠰᠠᠯᠪᠤᠷᠢ ᠰᠠᠯᠪᠤᠷᠢ ᠶᠢᠨ ᠢᠶᠠᠨ ᠠᠰᠠᠭᠤᠳᠠᠯ ᠢ ᠰᠠᠶᠢᠨ ᠲᠥᠯᠥᠪᠯᠡᠬᠦ ᠬᠡᠷᠡᠭᠲᠡᠢ ᠪᠠᠶᠢᠨ᠎ᠠ. НБХ᠂ ЗА 2018 ᠣᠨ ᠤ 09 ᠳᠦᠭᠡᠷ ᠰᠠᠷ᠎ᠠ ᠶᠢᠨ 19 ᠍ ᠦ ᠪᠠᠶᠢᠳᠠᠯ ᠢᠶᠠᠷ ᠲᠥᠷᠥ ᠶᠢᠨ ᠥᠮᠴᠢ ᠶᠢᠨ ᠨᠡᠶᠢᠲᠡ 41 ᠰᠤᠷᠭᠠᠭᠤᠯᠢ᠂ ᠴᠡᠴᠡᠷᠯᠢᠭ ᠪᠦᠭᠦᠳᠡ ᠳᠤᠯᠠᠭᠠᠨ ᠢᠶᠠᠨ ᠠᠪᠤᠭᠰᠠᠨ ᠪᠠᠶᠢᠨ᠎ᠠ᠃
8. ᠠᠦ᠋ᠳᠢᠲ ᠤᠨ ᠭᠠᠵᠠᠷ ᠠᠴᠠ ᠰᠢᠯᠭᠠᠯᠲᠠ ᠣᠷᠣᠭᠰᠠᠨ ᠲᠤᠯᠠ 2018 ᠣᠨ ᠤ ᠲᠥᠰᠥᠯ ᠬᠥᠲᠥᠯᠪᠦᠷᠢ ᠳᠦ ᠠᠩᠬᠠᠷᠬᠤ. НБХ 2017 ᠣᠨ ᠳᠤ ᠬᠡᠷᠡᠭᠵᠢᠭᠰᠡᠨ ᠲᠥᠰᠥᠯ ᠬᠥᠲᠥᠯᠪᠦᠷᠢ ᠶᠢ ᠠᠶᠢᠮᠠᠭ ᠤᠨ ХОХБТХ ᠍ ᠲᠡᠢ ᠬᠠᠮᠲᠤᠷᠠᠨ ᠪᠠᠷᠢᠮᠲᠠ ᠶᠢᠨ ᠪᠦᠷᠢᠳᠦᠯ ᠢ ᠬᠠᠩᠭᠠᠨ ᠠᠦ᠋ᠳᠢᠲ ᠤᠨ ᠭᠠᠵᠠᠷ ᠬᠦᠯᠢᠶᠡᠯᠭᠡᠨ ᠥᠭᠭᠦᠭᠰᠡᠨ᠃

ᠬᠢᠨᠠᠭᠰᠠᠨ᠄

ᠲᠥᠷᠥ ᠶᠢᠨ ᠵᠠᠬᠢᠷᠭᠠᠨ ᠤ ᠤᠳᠤᠷᠢᠳᠤᠯᠭ᠎ᠠ ᠶᠢᠨ

ᠬᠡᠯᠲᠡᠰ ᠦᠨ ᠳᠠᠷᠤᠭ᠎ᠠ ᠫ.ᠪᠠᠶᠠᠷᠰᠠᠶᠢᠬᠠᠨ

ᠨᠢᠭᠡᠳᠬᠡᠭᠰᠡᠨ᠄

ᠲᠥᠷᠥ ᠶᠢᠨ ᠵᠠᠬᠢᠷᠭᠠᠨ ᠤ ᠤᠳᠤᠷᠢᠳᠤᠯᠭ᠎ᠠ ᠶᠢᠨ

ᠬᠡᠯᠲᠡᠰ ᠦᠨ ᠮᠡᠷᠭᠡᠵᠢᠯᠲᠡᠨ ᠶᠠ.ᠭᠡᠷᠡᠯᠰᠦ᠋ᠬᠡ