᠒᠐᠑᠘᠂᠐᠙᠂᠑᠐᠆ ᠶ᠋ᠢᠨ ᠡᠳᠦᠷ ᠦ᠋ᠨ ᠰᠢᠭᠤᠷᠬᠠᠢ ᠬᠤᠷᠠᠯ ᠤ᠋ᠨ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠙ ᠳ᠋ᠦ᠋ᢉᠡᠷ ᠰᠠᠷ᠎ᠠ ᠶ᠋ᠢᠨ ᠑᠐                           № ᠒᠘                                         ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠙ ᠳ᠋ᠦ᠋ᢉᠡᠷ ᠰᠠᠷ᠎ᠠ ᠶ᠋ᠢᠨ ᠑᠐᠆ ᠶ᠋ᠢᠨ ᠡᠳᠦᠷ ᠦ᠋ᠨ ᠐᠘ ᠴᠠᠭ ᠓᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠠ᠃ᠨᠠᠰᠤᠨᠪᠠᠲᠤ ᠤᠳᠤᠷᠢᠳᠴᠤ᠂ ᠬᠤᠷᠠᠯ ᠳ᠋ᠤ ᠨᠡᠶᠢᠲᠡ ᠑᠙ ᠤᠳᠤᠷᠢᠳᠬᠤ ᠠᠯᠪᠠᠨ ᠲᠤᠰᠢᠶᠠᠯᠲᠠᠨ ᠨᠤᠭᠤᠳ ᠣᠷᠤᠯᠴᠠᠬᠤ ᠠ᠋ᠴᠠ ᠑᠘ ᠣᠷᠤᠯᠴᠠᠵᠤ ᠬᠤᠷᠠᠯᠳᠤᠭᠠᠨ ᠤ᠋ ᠢᠷᠡᠴᠡ ᠙᠔᠂᠗ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ᠂ ᠠᠯᠪᠠ᠂ ᠰᠤᠮᠤᠳ ᠤ᠋ᠨ ᠳᠠᠷᠤᠭ᠎ᠠ ᠨᠠᠷ ᠥᠩᢉᠡᠷᠡᢉᠰᠡᠨ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯ ᠳ᠋ᠤ ᠣᠷᠤᠯᠴᠠᠭᠰᠠᠨ ᢈᠡᠯᠲᠡᠰ᠂ ᠠᠯᠪᠠᠳ᠂ ᠰᠤᠮᠤᠳ ᠤ᠋ᠨ ᠳᠠᠷᠤᠭ᠎ᠠ ᠨᠠᠷ ᠥᠩᢉᠡᠷᠡᢉᠰᠡᠨ ᠗ ᠬᠣᠨᠤᠭ ᠲᠤ ᢈᠢᢉᠰᠡᠨ ᠠᠵᠢᠯ ᠤ᠋ᠨ ᠲᠠᠶᠢᠯᠤᠨ ᠢ᠋ ᠲᠠᠨᠢᠯᠴᠠᠭᠤᠯᠪᠠ᠃

ᠠᠰᠠᠭᠤᠯᠲᠠ᠂ ᠬᠠᠷᠢᠭᠤᠯᠲᠠ:

ᠴᠤ᠃ᠡᠩᢈᠡᠪᠠᠲᠤ: ᠵᠠᠰᠠᠭ ᠤ᠋ᠨ ᠭᠠᠵᠠᠷ ᠤ᠋ᠨ ᠒᠕᠘᠆ ᠲᠣᠭᠲᠠᠭᠠᠯ ᠤ᠋ᠨ ᠳᠠᠭᠠᠭᠤ ᠠᠵᠢᠯ ᠤ᠋ᠨ ᢈᠡᠰᠡᢉ ᠰᠤᠮᠤ᠂ ᠠᢉᠧᠨᠲ᠋ᠯᠢᠭ ᠢ᠋ᠶᠠᠷ ᠲᠣᠭᠲᠠᠮᠠᠯ ᠶᠠᠪᠤᠨ᠎ᠠ᠃ ᠱᠠᠭᠠᠷᠳᠠᠯᠭᠠᠲᠠᠢ ᠭᠠᠵᠠᠷ ᠤ᠋ᠳ ᠢ᠋ᠶᠠᠷ ᠰᠢᠯᠭᠠᠨ ᠵᠢᠭᠠᠪᠤᠷᠢᠯᠠᠬᠤ ᠴᠢᢉ ᠡᢉᠦᠷᢉᠡ ᠪᠦᢈᠦᠢ ᠠᠵᠢᠯ ᠤ᠋ᠨ ᢈᠡᠰᠡᢉ ᢈᠢᠨᠠᠯᠲᠠ ᠰᠢᠯᠭᠠᠯᠲᠠ ᠪᠠᠷ ᠠᠵᠢᠯᠯᠠᠨ᠎ᠠ᠃ ᠢᠯᠡᠷᠡᢉᠰᠡᠨ ᠵᠥᠷᠢᠴᠡᠯ ᠳᠤᠲᠠᠭᠳᠠᠯ ᠢ᠋ ᠠᠶᠢᠮᠠᠭ ᠤ᠋ᠨ ᠵᠠᠰᠠᠭ ᠳᠠᠷᠤᠭ᠎ᠠ ᠶ᠋ᠢᠨ ᠵᠥᠪᠯᠡᠯ ᠦ᠋ᠨ ᠬᠤᠷᠠᠯ᠂ ᠱᠠᠭᠠᠷᠳᠠᠯᠭᠠᠲᠠᠢ ᠪᠣᠯ ᠲᠡᠷᠢᢉᠦᠯᠡᢉᠴᠢᠳ ᠦ᠋ᠨ ᠬᠤᠷᠠᠯ ᠢ᠋ᠶᠠᠷ ᢈᠡᠯᠡᠯᠴᠡᢉᠦᠯᢈᠦ ᠪᠡᠷ ᠤᠳᠤᠷᠢᠳᠤᠮᠵᠢ ᠳ᠋ᠤ ᠪᠠᠨ ᠲᠤᠰᠬᠠᠭᠰᠠᠨ ᠪᠠᠶᠢᠭ᠎ᠠ᠃ ᠳᠠᢈᠢᠨ ᠠᠯᠪᠠᠨ ᠪᠢᠴᠢᢉ ᠲᠥᠯᠦᠪᠯᠡᢉᠡᠳ ᠠᠯᠳᠠᠭ᠎ᠠ ᠳᠤᠲᠠᠭᠳᠠᠯ ᠢᠯᠡᠷᠡᢉᠰᠡᠨ ᠵᠥᠷᠢᠴᠡᠯ ᠲᠡᠢ ᠲᠥᠷᠦ ᠶ᠋ᠢᠨ ᠪᠠᠶᠢᠭᠤᠯᠤᠯᠭ᠎ᠠ ᠨᠤᠭᠤᠳ ᠤᠷᠤᠭᠤ ᠶᠠᠪᠤᠭᠤᠯᠬᠤ ᠱᠠᠭᠠᠷᠳᠠᠯᠭ᠎ᠠ ᠲᠠᠢ ᠪᠠᠶᠢᠨ᠎ᠠ᠃ /ᠲᠠᠤᠬ᠎ᠠ ᠫ᠃ᠪᠠᠶᠠᠷᠰᠠᠶᠢᠬᠠᠨ/

ᠶᠡᠷᠦᠩᢈᠡᠢ ᠰᠠᠶᠢᠳ ᠒᠐᠑᠘᠂᠐᠙᠂᠑᠒᠆ ᠶ᠋ᠢᠨ ᠡᠳᠦᠷ ᠳᠠᠷᠬᠠᠨ᠂ ᠰᠡᠯᠡᠨ ᠦ᠋ ᠪᠦᠰᠡ ᠨᠤᠲᠤᠭ ᠲᠤ ᠠᠵᠢᠯᠯᠠᠨ᠎ᠠ᠃ ᠰᠡᠯᠡᠩᢉᠡ ᠠᠶᠢᠮᠠᠭ ᠲᠤ ᠭᠠᠵᠠᠷ ᠲᠠᠷᠢᠶᠠᠯᠠᠩ ᠤ᠋ᠨ ᠨᠥᢈᠦᠴᠡᠯ ᠪᠠᠶᠢᠳᠠᠯ ᠲᠠᠢ ᠂ ᠤᠷᠭᠤᠴᠠ ᠬᠤᠷᠢᠶᠠᠯᠲᠠ ᠶ᠋ᠢᠨ ᢈᠡᠮᠵᠢᠶ᠎ᠡ ᠲᠡᠢ ᠲᠠᠨᠢᠯᠴᠠᠨ᠎ᠠ᠃ ᠮᠠᠨ ᠤ᠋ ᠠᠶᠢᠮᠠᠭ ᠤ᠋ᠨ ᠢᠷᢉᠡᠳ ᠲᠡᠢ ᠠᠭᠤᠯᠵᠠᠯᠲᠠ ᢈᠢᠵᠦ ᠮᠠᠭᠠᠳ ᠦᢉᠡᠢ᠂ ᠣᠳᠤ ᠶ᠋ᠢᠨ ᠪᠠᠶᠢᠳᠠᠯ ᠢ᠋ᠶᠠᠷ ᠤᠳᠤᠷᠢᠳᠤᠮᠵᠢ ᠨᠢ ᠢᠷᠡᢉᠡ ᠦᢉᠡᠢ ᠪᠠᠶᠢᠨ᠎ᠠ᠃ ᠤᠳᠤᠷᠢᠳᠤᠮᠵᠢ ᠢᠷᠡᢈᠦ ᠪᠡᠷ ᠡᠴᠦᠰ ᠦ᠋ᠨ ᠪᠠᠶᠢᠳᠠᠯ ᠢ᠋ᠶᠠᠷ ᠶᠠᠷᠢᠭᠳᠠᠬᠤ ᠪᠣᠯᠤᠨ᠎ᠠ᠃

ᠠ᠃ᠲᠦᠪᠰᠢᠨᠪᠠᠲᠤ: “ABLE” ᠫᠷᠤᠭᠷᠠᠮᠮ ᠢ᠋ ᠡᠳᠦᠷ ᠲᠤᠲᠤᠮ ᠤ᠋ᠨ ᠦᠶᠢᠯᠡ ᠠᠵᠢᠯᠯᠠᠭᠠᠨ ᠳ᠋ᠤ ᠪᠠᠨ ᠠᠰᠢᠭᠯᠠᠬᠤ ᠶ᠋ᠢ ᠵᠠᠰᠠᠭ ᠳᠠᠷᠤᠭ᠎ᠠ ᠡᢉᠦᠷᢉᠡ ᠪᠣᠯᠭᠠᠭᠰᠠᠨ᠃ ᢈᠡᠯᠲᠡᠰ᠂ ᠠᢉᠧᠨᠲ᠋ᠯᠢᠭ ᠤ᠋ᠨ ᠳᠠᠷᠤᠭ᠎ᠠ ᠨᠠᠷ ᠣᠷᠤᠬᠤ ᠦᢉᠡᠢ ᠪᠠᠶᠢᠨ᠎ᠠ᠃ ᠠᠵᠢᠯᠯᠠᠬᠤ ᠵᠠᠷᠴᠢᠮ ᠢ᠋ ᠪᠣᠯᠪᠠᠰᠤᠷᠠᠭᠤᠯᠬᠤ ᠮᠥᠨ ᠰᠤᠷᠭᠠᠯᠲᠠ ᠶ᠋ᠢ ᠵᠣᢈᠢᠶᠠᠨ ᠪᠠᠶᠢᠭᠤᠯᠬᠤ ᢈᠡᠷᠡᢉᠲᠡᠢ ᠪᠠᠶᠢᠨ᠎ᠠ᠃

ᢈᠡᠷᠡᢉᠯᠡᢉᠴᠢ ᠶ᠋ᠢᠨ ᠡᠷᢈᠡ ᠠᠰᠢᠭ ᠢ᠋ ᠬᠠᠮᠠᠭᠠᠯᠠᠬᠤ ᠨᠡᠶᠢᢉᠡᠮᠯᠢᢉ ᠡᠴᠡ ᠰᠤᠷᠭᠠᠯᠲᠠ ᠵᠣᢈᠢᠶᠠᠨ ᠪᠠᠶᠢᠭᠤᠯᠤᠭᠰᠠᠨ ᠪᠠᠶᠢᠨ᠎ᠠ᠃ ᠰᠤᠷᠭᠠᠯᠲᠠ ᠶ᠋ᠢᠨ ᠦᠶ᠎ᠡ ᠪᠡᠷ ᠤᠯᠠᠭᠠᠨᠪᠠᠭᠠᠲᠤᠷ ᠠ᠋ᠴᠠ ᠢᠷᠡᢉᠰᠡᠨ ᠰᠤᠷᠭᠠᠭᠴᠢ ᠨᠠᠷ ᠨᠢ ᠳᠡᢉᠡᠵᠢ ᠠᠪᠴᠢᠷᠠᠭᠠᠳ ᠳᠠᠷᠬᠠᠨ ᠤ᠋ ᠵᠠᠬ᠎ᠠ ᠠ᠋ᠴᠠ ᠠᠪᠴᠢᠷᠠᠭᠰᠠᠨ ᠮᠢᠬᠠᠨ ᠠ᠋ᠴᠠ ᠳᠡᢉᠡᠵᠢ ᠠᠪᠴᠤ ᠦᠵᠡᢈᠦ ᠳ᠋ᠦ ᠑᠐᠐ ᠬᠤᠪᠢ ᠡᠮ ᠲᠠᠷᠢᠶᠠᠨ ᠤ᠋ ᠦᠯᠡᠳᠡᢉᠳᠡᠯ ᠢᠯᠡᠷᠡᢉᠰᠡᠨ ᠪᠠᠶᠢᠨ᠎ᠠ᠃ ᠬᠬᠠᠭᠠᠭ ᠆ ᠤ᠋ᠨ ᠮᠠᠯ ᠡᠮᠨᠡᠯᢉᠡ ᠶ᠋ᠢᠨ ᠳᠠᠷᠤᠭ᠎ᠠ ᠳ᠋ᠤ ᠡᢉᠦᠷᢉᠡ ᠥᢉᢉᠦᢉᠰᠡᠨ᠃ ᠰᠤᠷᠭᠠᠯᠲᠠ ᠶᠠᠪᠤᠭᠤᠯᠤᠭᠰᠠᠨ ᢈᠦᠮᠦᠰ ᠲᠡᠢ ᠬᠣᠯᠪᠤᠭᠳᠠᠭᠠᠳ ᠤᠷᠪᠠᠯᠵᠢ ᠳᠡᢉᠡᠵᠢ ᠦᠵᠡᠳᠡᢉ ᠲᠥᢈᠦᢉᠡᠷᠦᠮᠵᠢ᠂ ᠪᠣᠳᠠᠰ ᠤ᠋ᠨ ᠦᠨ᠎ᠡ ᠥᠷᠲᠡᢉ ᠢ᠋ ᠰᠤᠳᠤᠯᠤᠭᠠᠳ ᠮᠡᠷᢉᠡᠵᠢᠯ ᠦ᠋ᠨ ᢈᠢᠨᠠᠯᠲᠠ ᠶ᠋ᠢᠨ ᠭᠠᠵᠠᠷ ᠤ᠋ᠨ ᠯᠠᠪᠣᠷᠠᠲ᠋ᠣᠷᠢ ᠶ᠋ᠢ ᠴᠢᠳᠠᠪᢈᠢᠵᠢᠭᠤᠯᠤᠨ ᠰᠣᠷᠢᠴᠠ᠂ ᠰᠣᠷᠢᠯ ᠢ᠋ ᢈᠢᠳᠡᢉ ᠪᠣᠯᠬᠤ᠂ ᠤᠷᠢᠳᠴᠢᠯᠠᠨ ᠰᠡᠷᢉᠡᠶᠢᠯᠡᢈᠦ ᠠᠷᠭ᠎ᠠ ᢈᠡᠮᠵᠢᠶ᠎ᠡ ᠶ᠋ᠢ ᠠᠪᠴᠤ ᠴᠢᠳᠠᠳᠠᠭ ᠪᠠᠶᠢᠬᠤ ᢈᠡᠷᠡᢉᠲᠡᠢ ᠪᠠᠶᠢᠨ᠎ᠠ᠃ ᠮᠠᠯ ᠡᠮᠨᠡᠯᢉᠡ ᠶ᠋ᠢᠨ ᠳᠠᠷᠤᠭ᠎ᠠ ᠲᠤᠩᠭᠠᠯᠠᠭ ᠲᠠᠢ ᠬᠣᠯᠪᠤᠭᠳᠠᠭᠠᠳ ᠡᠨᠡ ᠠᠵᠢᠯ ᠶᠠᠮᠠᠷ ᠱᠠᠲᠤᠨ ᠳ᠋ᠤ ᠶᠠᠪᠤᠭ᠎ᠠ ᠶ᠋ᠢ ᠲᠣᠳᠤᠷᠠᠭᠤᠯᠤᠭᠠᠳ ᠡᠷᢉᠢᠵᠦ ᠮᠡᠳᠡᢉᠳᠡ᠃/ᠬᠣᠬᠠᠪᠲᠤᠬᠤ/
ᠰᠢᠷ᠎ᠠ ᠶ᠋ᠢᠨ ᠭᠣᠣᠯ ᠰᠤᠮᠤ ᠶ᠋ᠢᠨ ᠒᠆ ᠷ ᠰᠤᠷᠭᠠᠭᠤᠯᠢ ᠶ᠋ᠢᠨ ᠳᠣᠲᠤᠭᠤᠷ ᠪᠠᠶᠢᠷᠢᠨ ᠤ᠋ ᠬᠠᠯᠠᠭᠠᠯᠲᠠ ᠶ᠋ᠢ ᠻᠠᠪᠧᠯ ᠲᠠᠲᠠᠭᠠᠳ ᠬᠠᠯᠠᠭᠠᠬᠤ ᠶ᠋ᠢ ᠳᠤᠯᠠᠭᠠᠨ ᠰᠢᠷ᠎ᠠ ᠶ᠋ᠢᠨ ᠭᠣᠣᠯ ᠤ᠋ᠨ ᠳᠠᠷᠤᠭ᠎ᠠ ᠡᠩᢈᠡᠴᠡᠴᠡᢉᠲᠦ ᠡᢉᠦᠷᢉᠡ ᠥᢉᢉᠦᢉᠰᠡᠨ᠃ ᠳᠤᠯᠠᠭᠠᠨ ᠰᠢᠷ᠎ᠠ ᠶ᠋ᠢᠨ ᠭᠣᠣᠯ ᠥᠪᠡᠷᠰᠡᠳ ᠦ᠋ᠨ ᢈᠥᠷᠦᠩᢉᠡ ᠪᠡᠷ ᢈᠢᠨ᠎ᠡ᠃ ᠷᠠᠪᠵᠠᠶᠢᠳᠡᠯᢉᠡᠷᠡᢈᠦ ᠳᠠᠷᠤᠭ᠎ᠠ ᢉᠦᠶᠢᠴᠡᠳᢈᠡᢉᠴᠢ ᠻᠣᠮᠫᠠᠨᠢ ᠶ᠋ᠢ ᠨᠠᠳᠠ ᠲᠠᠢ ᠠᠭᠤᠯᠵᠠᠭᠤᠯᠬᠤ᠃ /ᠵᠠ/
ᠠᠵᠢᠯ ᠬᠠᠶᠠᠯᠲᠠ ᠶ᠋ᠢᠨ ᠦᠶ᠎ᠡ ᠳ᠋ᠦ ᠣᠷᠤᠨ ᠨᠤᠲᠤᠭ ᠤ᠋ᠨ ᠲᠥᠷᠦ ᠵᠠᢈᠢᠷᠭᠠᠨ ᠤ᠋ ᠪᠠᠶᠢᠭᠤᠯᠤᠯᠭ᠎ᠠ ᠶᠠᠮᠠᠷ ᠪᠠᠶᠢᠷᠢ ᠰᠠᠭᠤᠷᠢ ᠲᠠᠢ ᠪᠠᠶᠢᠬᠤ᠂ ᠶᠠᠮᠠᠷ ᠠᠷᠭ᠎ᠠ ᢈᠡᠮᠵᠢᠶ᠎ᠡ ᠠᠪᠴᠤ ᠪᠣᠯᠬᠤ᠂ ᠦᠢᠯᠡᠳᠪᠦᠷᠢᠴᠢᠨ ᠦ᠋ ᠡᠪᠯᠡᠯ ᠦ᠋ᠨ ᠲᠤᠬᠠᠢ ᠬᠠᠤᠯᠢ ᠶ᠋ᠢ ᠰᠤᠳᠤᠯᠬᠤ ᠱᠠᠭᠠᠷᠳᠠᠯᠭ᠎ᠠ ᠲᠠᠢ ᠪᠠᠶᠢᠨ᠎ᠠ᠃ ᠰᠤᠷᠭᠠᠭᠤᠯᠢ᠂ ᠴᠡᠴᠡᠷᠯᠢᢉ ᠦ᠋ᠨ ᠤᠳᠤᠷᠢᠳᠤᠯᠭ᠎ᠠ ᠨᠤᠭᠤᠳ ᠲᠤ ᠬᠠᠤᠯᠢ ᠶ᠋ᠢᠨ ᠮᠡᠳᠡᠯᢉᠡ ᠳᠤᠲᠠᠮᠠᠭ ᠠ᠋ᠴᠠ ᠪᠣᠯᠵᠤ ᠭᠠᠷᠴᠤ ᠪᠣᠯᠵᠤᠰᠢ ᠦᢉᠡᠢ ᠡᠷᠦᠰᠳᠡᠯ ᠡᠴᠡ ᠤᠷᠢᠳᠴᠢᠯᠠᠨ ᠰᠡᠷᢉᠡᠶᠢᠯᠡᠵᠦ ᠵᠠᠰᠠᠭ ᠳᠠᠷᠤᠭ᠎ᠠ ᠶ᠋ᠢᠨ ᠠᠯᠪᠠᠨ ᠲᠣᠭᠠᠲᠤ ᠶᠠᠪᠤᠭᠤᠯᠬᠤ᠃ ᠠᠯᠪᠠᠨ ᠲᠣᠭᠠᠲᠤ ᠳ᠋ᠤ ᠦᠶᠢᠯᠡᠳᠪᠦᠷᠢᠴᠢᠨ ᠦ᠋ ᠡᠪᠯᠡᠯ ᠲᠡᠢ ᢈᠦᠨᠳᠦᠳᢈᠡᠯ ᠲᠡᠢ ᠬᠠᠷᠢᠴᠠᠵᠤ᠂ ᠠᠵᠢᠯ ᠬᠠᠶᠠᠯᠲᠠ ᠶ᠋ᠢᠨ ᠦᠶ᠎ᠡ ᠳ᠋ᠦ ᠠᠵᠢᠯ ᠤ᠋ᠨ ᠪᠠᠶᠢᠷᠢᠨ ᠳ᠋ᠤ ᠪᠠᠨ ᠪᠠᠶᠢᠬᠤ ᠶᠣᠰᠤᠲᠠᠢ ᠶ᠋ᠢ ᠳᠤᠷᠠᠳᠬᠤ᠃ /ᢈᠡᠵᠡᢈᠦ/
ᠲᠥᠷᠦᢈᠦ ᠡᠮᠨᠡᠯᢉᠡ ᠶ᠋ᠢᠨ ᠪᠠᠷᠢᠯᠭ᠎ᠠ ᠶ᠋ᠢᠨ ᠠᠵᠢᠯ ᠳᠡᢉᠡᠷ᠎ᠡ ᠗ ᠬᠣᠨᠤᠭ ᠤ᠋ᠨ ᠬᠣᠴᠤᠷᠤᠭᠳᠠᠯ ᠶᠠᠭᠠᢈᠢᠭᠠᠳ ᠬᠣᠴᠤᠷᠤᠭᠰᠠᠨ ᠪᠤᠢ? /ᠳᠣᢈᠢᠪᠠᠭ᠎ᠠ ᠶᠠᠨ ᠳᠠᠷᠤᠭ᠎ᠠ ᠪᠠᠲᠤᠰᠠᠶᠢᠬᠠᠨ/

ᠬᠠᠷᠢᠭᠤᠯᠲᠠ ᠪᠠᠲᠤᠰᠠᠶᠢᠬᠠᠨ: ᢉᠦᠶᠢᠴᠡᠳᢈᠡᢉᠴᠢ ᠻᠣᠮᠫᠠᠨᠢ ᠶ᠋ᠢᠨ ᠳᠣᠲᠤᠭᠠᠳᠤ ᠠᠰᠠᠭᠤᠳᠠᠯ ᠠ᠋ᠴᠠ ᠪᠣᠯᠵᠤ ᠪᠠᠷᠢᠯᠭ᠎ᠠ ᠶ᠋ᠢᠨ ᠠᠵᠢᠯ ᠬᠣᠴᠤᠷᠤᠭᠰᠠᠨ᠃ ᠗ ᠬᠣᠨᠤᠭ ᠤ᠋ᠨ ᠬᠣᠴᠤᠷᠤᠭᠰᠠᠨ ᠠᠯᠳᠠᠭᠳᠠᠯ ᠢ᠋ᠶᠠᠨ ᠙᠆ ᠷ ᠰᠠᠷ᠎ᠠ ᠳ᠋ᠤ ᠳᠠᠭᠤᠰᠬᠠᠬᠤ ᠱᠠᠭᠠᠷᠳᠠᠯᠭ᠎ᠠ ᠶ᠋ᠢ ᠲᠠᠯᠪᠢᠭᠰᠠᠨ᠃

ᠠᠰᠠᠭᠤᠯᠲᠠ ᠠ᠃ᠲᠦᠪᠰᠢᠨᠪᠠᠲᠤ: ᠰᠫᠣᠷᠲ ᠴᠣᠭᠴᠠᠯᠠᠪᠤᠷᠢ ᠶ᠋ᠢᠨ ᠠᠵᠢᠯ ᠶᠠᠮᠠᠷ ᠱᠠᠲᠤᠨ ᠳ᠋ᠤ ᠪᠠᠨ ᠶᠠᠪᠤᠵᠤ ᠪᠠᠶᠢᠨ᠎ᠠ ᠪᠤᠢ?

ᠬᠠᠷᠢᠭᠤᠯᠲᠠ ᠪᠠᠲᠤᠰᠠᠶᠢᠬᠠᠨ: ᠪᠠᠷᠢᠯᠭ᠎ᠠ ᠶ᠋ᠢᠨ ᠶᠠᠪᠤᠴᠠ ᠶ᠋ᠢᠨ ᠲᠠᠯᠠᠭᠠᠷ ᠮᠡᠳᠡᢉᠡᠯᠡᠯ ᠢ᠋ ᠠᠪᠴᠤ ᠡᠷᢉᠢᠵᠦ ᠲᠠᠨᠢᠯᠴᠠᠭᠤᠯᠬᠤ ᠪᠣᠯᠤᠨ᠎ᠠ᠃

ᠬᠠᠷᠢᠭᠤᠯᠲᠠ ᠰ᠃ᠪᠠᠶᠠᠰᠬᠤᠯᠠᠩ: ᠰᠫᠤᠷᠲ ᠴᠣᠭᠴᠠᠯᠠᠪᠤᠷᠢ ᠶ᠋ᠢᠨ ᠪᠠᠷᠢᠯᠭ᠎ᠠ ᠶ᠋ᠢᠨ ᠶᠠᠪᠤᠴᠠ ᠲᠠᠢ ᠲᠠᠨᠢᠯᠴᠠᠬᠤ ᢉᠡᠳ ᠬᠣᠬᠪᠤᠳᠬᠤ ᠲᠡᠢ ᠬᠠᠮᠲᠤ ᠣᠴᠢᠲᠠᠯ᠎ᠠ ᠣᠷᠤᠭᠤᠯᠬᠤ ᠦᢉᠡᠢ ᠪᠠᠶᠢᠭᠰᠠᠨ᠃

ᠠ᠃ᠲᠦᠪᠰᠢᠨᠪᠠᠲᠤ: ᠤᠶᠢᠬᠤ ᠤ᠋ᠨ ᢉᠡᠰᠢᢉᠦᠨ ᠲᠡᠢ ᠠᠭᠤᠯᠵᠠᠵᠤ ᠲᠣᠳᠤᠷᠠᠭᠤᠯᠢᠶ᠎ᠠ᠃

ᠬᠤᠷᠠᠯ ᠐᠙᠂᠔᠕ ᠴᠠᠭ ᠲᠤ ᠳᠠᠭᠤᠰᠪᠠ᠃

ᠲᠠᠨᠢᠯᠴᠠᠭᠰᠠᠨ:

ᠵᠠᠰᠠᠭ ᠳᠠᠷᠤᠭ᠎ᠠ ᠶ᠋ᠢᠨ ᠣᠷᠤᠯᠠᠭᠴᠢ ᠠ᠃ᠲᠦᠪᠰᠢᠨᠪᠠᠲᠤ

ᢈᠢᠨᠠᠭᠰᠠᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ

ᠨᠢᢉᠡᠳᢈᠡᢉᠰᠡᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠮᠡᠷᢉᠡᠵᠢᠯᠲᠡᠨ: ᠶ᠎ᠠ᠃ᢉᠡᠷᠡᠯᠰᠦ᠋ᢈᠡ