᠒᠐᠑᠘᠂᠐᠘᠂᠑᠓ ᠨ ᠤ᠋ ᠡᠳᠦᠷ ᠦ᠋ᠨ ᠰᠢᠭᠤᠷᠬᠠᠢ ᠬᠤᠷᠠᠯ ᠤ᠋ᠨ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠘ ᠳ᠋ᠤᠭᠠᠷ ᠰᠠᠷ᠎ᠠ ᠶ᠋ᠢᠨ ᠑᠓ № ᠒᠔ ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠘ ᠳ᠋ᠤᠭᠠᠷ ᠰᠠᠷ᠎ᠠ ᠶ᠋ᠢᠨ ᠑᠓ ᠨ ᠤ᠋ ᠡᠳᠦᠷ ᠦ᠋ᠨ ᠐᠘ ᠴᠠᠭ ᠓᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠰ᠃ᠨᠠᠰᠤᠨᠪᠠᠲᠤ ᠤᠳᠤᠷᠢᠳᠴᠤ᠂ ᠬᠤᠷᠠᠯ ᠳ᠋ᠤ ᠨᠡᠶᠢᠲᠡ ᠑᠗ ᠤᠳᠤᠷᠢᠳᠬᠤ ᠠᠯᠪᠠᠨ ᠲᠤᠰᠢᠶᠠᠯᠲᠠᠨ ᠨᠤᠭᠤᠳ ᠣᠷᠤᠯᠴᠠᠬᠤ ᠠ᠋ᠴᠠ ᠑᠔ ᠣᠷᠤᠯᠴᠠᠵᠤ ᠬᠤᠷᠠᠯᠳᠤᠭᠠᠨ ᠤ᠋ ᠢᠷᠡᠴᠡ ᠘᠒᠂᠓ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ᠂ ᠠᠯᠪᠠ᠂ ᠰᠤᠮᠤᠳ ᠤ᠋ᠨ ᠳᠠᠷᠤᠭ᠎ᠠ ᠨᠠᠷ ᠥᠩᢉᠡᠷᠡᢉᠰᠡᠨ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯ ᠳ᠋ᠤ ᠣᠷᠤᠯᠴᠠᠭᠰᠠᠨ ᢈᠡᠯᠲᠡᠰ᠂ ᠠᠯᠪᠠᠳ᠂ ᠰᠤᠮᠤᠳ ᠤ᠋ᠨ ᠳᠠᠷᠤᠭ᠎ᠠ ᠨᠠᠷ ᠥᠩᢉᠡᠷᠡᢉᠰᠡᠨ ᠗ ᠬᠣᠨᠤᠭ ᠲᠤ ᢈᠢᢉᠰᠡᠨ ᠠᠵᠢᠯ ᠤ᠋ᠨ ᠲᠠᠶᠢᠯᠤᠨ ᠢ᠋ ᠲᠠᠨᠢᠯᠴᠠᠭᠤᠯᠪᠠ᠃

ᠠᠰᠠᠭᠤᠯᠲᠠ᠂ ᠬᠠᠷᠢᠭᠤᠯᠲᠠ:

ᠰ᠃ᠨᠠᠰᠤᠨᠪᠠᠲᠤ: ᠲᠣᠲᠠᠯ᠎ᠠ ᠢᠮᠫᠧᠻᠰ ᠦ᠋ᠨ ᠪᠠᠷᠢᠯᠭ᠎ᠠ ᠡᢈᠢᠯᠡᢈᠦ ᠵᠥᠪᠰᠢᠶᠡᠷᠡᠯ ᠢ᠋ ᠥᢉᢈᠦ ᠱᠠᠭᠠᠷᠳᠠᠯᠭ᠎ᠠ ᠲᠠᠢ ᠪᠠᠶᠢᠨ᠎ᠠ᠃ ᠘ ᠳ᠋ᠤᠭᠠᠷ ᠰᠠᠷ᠎ᠠ ᠶ᠋ᠢᠨ ᠑᠕᠆ ᠶ᠋ᠢᠨ ᠡᠳᠦᠷ ᠪᠣᠯᠵᠤ ᠪᠠᠶᠢᠬᠤ ᠳ᠋ᠤ ᠣᠷᠤᠨ ᠰᠠᠭᠤᠴᠠᠨ ᠤ᠋ ᠪᠠᠷᠢᠯᠭ᠎ᠠ ᠶ᠋ᠢᠨ ᠠᠵᠢᠯ ᠡᢈᠢᠯᠡᢈᠦ ᢉᠡᠵᠦ ᠪᠠᠶᠢᠨ᠎ᠠ᠃ ᠰ᠃ᠪᠠᠶᠠᠰᠬᠤᠯᠠᠩ ᠳᠠᠷᠤᠭ᠎ᠠ ᠬᠠᠷᠢᠭᠤᠴᠠᠯᠭ᠎ᠠ ᠦᢉᠡᠢ ᠠᠵᠢᠯᠯᠠᠭᠰᠠᠨ ᠰᠢᠦ᠃ ᠥᠨᠦᠳᠦᠷ ᢉᠡᠷ᠎ᠡ ᠶ᠋ᠢᠨ ᠢ᠋ᠶᠡᠨ ᠲᠥᠰᠦᠯ ᠢ᠋ ᠪᠡᠯᠡᠳᠦᢉᠡᠳ ᠮᠠᠷᠭᠠᠰᠢ ᢉᠡᢈᠦ ᠳ᠋ᠦ ᠨᠠᠳᠠ ᠪᠠᠷ ᠵᠢᠷᠤᠭᠤᠯᠤᠭᠠᠷᠠᠢ᠃ ᠲᠥᠷᠦᢈᠦ ᠡᠮᠨᠡᠯᢉᠡ ᠶ᠋ᠢᠨ ᠪᠠᠷᠢᠯᠭ᠎ᠠ ᠶ᠋ᠢᠨ ᠠᠵᠢᠯ ᠶᠠᠮᠠᠷ ᠲᠦᠪᠰᠢᠨ ᠳ᠋ᠡᢉᠡᠨ ᠶᠠᠪᠤᠵᠤ ᠪᠠᠶᠢᠨ᠎ᠠ ᠪᠤᠢ? ᠲᠣᠭ ᠴᠠᢈᠢᠯᠭᠠᠨ ᠤ᠋ ᠠᠰᠠᠭᠤᠳᠠᠯ ᠢ᠋ᠶᠠᠨ ᠰᠢᠶᠢᠳᠦᢉᠦᠯᠦᠶ᠎ᠡ ᢉᠡᠳ ᠳᠠᠷᠤᠭ᠎ᠠ ᠨᠢ ᠕ ᠳᠠᢈᠢ ᠡᠳᠦᠷ ᠨᠠᠳᠠ ᠤᠷᠤᠭᠤ ᠶᠠᠷᠢᠭᠰᠠᠨ᠃ ᠑᠕ ᠳ᠋ᠤᠭᠠᠷ ᠪᠠᠭ ᠤ᠋ᠨ ᠲᠥᠪ ᠦ᠋ᠨ ᠪᠠᠶᠢᠷᠢ ᠭᠠᠵᠠᠷ ᠤ᠋ᠨ ᠠᠰᠠᠭᠤᠳᠠᠯ ᠠ᠋ᠴᠠ ᠪᠣᠯᠵᠤ ᠬᠠᠮᠤᠭ ᠤ᠋ᠨ ᠰᠡᢉᠦᠯ ᠳ᠋ᠦ ᠠᠵᠢᠯ ᠨᠢ ᠡᢈᠢᠯᠡᢉᠰᠡᠨ᠃ ᠬᠠᠮᠤᠭ ᠤ᠋ᠨ ᠲᠦᠷᠦᢉᠦᠨ ᠳ᠋ᠦ ᠰᠢᠪᠠ ᠲᠠᠯᠪᠢᠭᠰᠠᠨ ᠠᠲᠠᠯ᠎ᠠ ᠬᠠᠮᠤᠭ ᠤ᠋ᠨ ᠰᠡᢉᠦᠯ ᠳ᠋ᠦ ᠠᠵᠢᠯ ᠨᠢ ᠡᢈᠢᠯᠡᠯ᠎ᠡ᠃ ᠠᠩᠬᠠᠷᠴᠤ ᠠᠵᠢᠯᠯᠠᠮᠠᠷ ᠪᠠᠶᠢᠨ᠎ᠠ᠃

ᠰ᠃ᠪᠠᠶᠠᠰᠬᠤᠯᠠᠩ: ᠣᠨᠤᠭ ᠠᠴᠠ ᠬᠣᠬᠪᠤᠳᠬ᠎ᠠ ᠲᠡᠢ ᠬᠠᠮᠲᠤᠷᠠᠨ ᠥᠩᢉᠡᠷᠡᢉᠰᠡᠨ ᠬᠠᠭᠠᠰ ᠰᠠᠶᠢᠨ ᠡᠳᠦᠷ ᠪᠠᠭ ᠤ᠋ᠨ ᠲᠥᠪ ᠦ᠋ᠳ ᠦ᠋ᠨ ᠪᠠᠶᠢᠷᠢ᠂ ᠒᠓ ᠳ᠋ᠤᠭᠠᠷ ᠴᠡᠴᠡᠷᠯᠢᢉ᠂ ᠰᠫᠣᠷᠲ ᠴᠣᠭᠴᠠᠯᠠᠪᠤᠷᠢ᠂ ᠵᠠᠮ᠂ ᠲᠥᠷᠦᢈᠦ ᠡᠮᠨᠡᠯᢉᠡ ᠶ᠋ᠢᠨ ᠪᠠᠶᠢᠷᠢᠨ ᠨᠤᠭᠤᠳ ᠤ᠋ᠨ ᠠᠵᠢᠯ ᠤ᠋ᠨ ᠶᠠᠪᠤᠴᠠ ᠲᠠᠢ ᠲᠠᠨᠢᠯᠴᠠᠭᠰᠠᠨ᠃ ᠑᠑᠂᠑᠒ ᠳ᠋ᠤᠭᠠᠷ ᠪᠠᠭ ᠤ᠋ᠨ ᠲᠥᠪ ᠦ᠋ᠨ ᠪᠠᠶᠢᠷᠢ ᠓᠐ ᠬᠤᠪᠢ ᠲᠠᠢ᠃ ᠻᠠᠷᠻᠠᠽ ᠢ᠋ᠶᠠᠨ ᢈᠢᢉᠰᠡᠨ᠃ ᠣᠳᠤ ᠶ᠋ᠢᠨ ᠪᠠᠶᠢᠳᠠᠯ ᠢ᠋ᠶᠠᠷ ᠒ ᠳᠠᠪᠬᠤᠷ ᠨᠢ ᠭᠠᠷᠤᠭᠰᠠᠨ᠃ ᠢᠷᠡᢈᠦ ᠗ ᠬᠣᠨᠤᠭ ᠤ᠋ᠨ ᠑ ᠳ᠋ᠡᢈᠢ ᠡᠳᠦᠷ ᠡᠴᠡ ᠡᢈᠢᠯᠡᠨ ᠳᠦᢉᠦᠷᢉᠡᠯᠲᠡ ᢈᠢᠨ᠎ᠡ᠃ ᠓ ᠳᠠᠪᠬᠤᠷ ᠪᠠᠷᠢᠯᠭ᠎ᠠ ᠪᠠᠷᠢᠨ᠎ᠠ᠃ ᠑᠑᠂᠑᠒ ᠳ᠋ᠤᠭᠠᠷ ᠪᠠᠭ ᠤ᠋ᠨ ᠠᠵᠢᠯ ᢉᠷᠠᠹᠢᠻ ᠠ᠋ᠴᠠ ᠗ ᠬᠣᠨᠤᠭ ᠤ᠋ᠨ ᠡᠮᠦᠨ᠎ᠡ ᠶᠠᠪᠤᠵᠤ ᠪᠠᠶᠢᠭ᠎ᠠ᠃ ᠬᠠᠷᠢᠨ ᠑᠕ ᠳ᠋ᠤᠭᠠᠷ ᠪᠠᠭ ᠤ᠋ᠨ ᠲᠥᠪ ᠦ᠋ᠨ ᠪᠠᠶᠢᠷᠢᠨ ᠤ᠋ ᠠᠵᠢᠯ ᠗ ᠬᠣᠨᠤᠭ ᠢ᠋ᠶᠠᠷ ᠬᠣᠴᠤᠷᠴᠤ ᠪᠠᠶᠢᠨ᠎ᠠ᠃ ᠑᠕᠆ ᠷ ᠪᠠᠭ ᠤ᠋ᠨ ᠲᠥᠪ ᠦ᠋ᠨ ᠪᠠᠶᠢᠷᠢᠨ ᠤ᠋ ᠱᠤᠭᠤᠮᠠᠨ ᠰᠠᠭᠤᠷᠢ ᠳᠠᠭᠤᠰᠤᠭᠰᠠᠨ᠃ ᠣᠳᠤ ᠵᠢᠷᠦᢈᠡᠪᠴᠢ ᠪᠡᠨ ᢈᠢᠵᠦ ᠪᠠᠶᠢᠨ᠎ᠠ᠃

ᠰ᠃ᠨᠠᠰᠤᠨᠪᠠᠲᠤ: ᠶᠠᠭᠤ ᠪᠠᠷ ᠳᠦᢉᠦᠷᢉᠡᠯᠲᠡ ᢈᠢᢈᠦ ᠶᠤᠮ ᠪᠤᠢ?

ᠰ᠃ᠪᠠᠶᠠᠰᠬᠤᠯᠠᠩ: ᠲᠣᠭᠤᠰᠬ᠎ᠠ ᠪᠣᠯᠤᠨ ᠪᠯᠤᠻ ᠢ᠋ᠶᠠᠷ ᠳᠦᢉᠦᠷᢉᠡᠯᠲᠡ ᢈᠢᠨ᠎ᠡ᠃ ᠬᠠᠨ᠎ᠠ ᠪᠣᠯ ᠪᠯᠤᠻ ᠢ᠋ᠶᠠᠷ ᠳᠦᢉᠦᠷᢉᠡᠨ᠎ᠡ᠃ ᠲᠥᠷᠦᢈᠦ ᠶ᠋ᠢᠨ ᠪᠠᠷᠢᠯᠭ᠎ᠠ ᠴᠠᢈᠢᠯᠭᠠᠨ ᠤ᠋ ᠱᠤᠭᠤᠮ ᠢ᠋ᠶᠠᠨ ᠲᠠᠲᠠᠭᠰᠠᠨ᠃ ᠬᠣᠯᠪᠤᠬᠤ ᠠᠵᠢᠯ ᠨᠢ ᠠᠰᠠᠭᠤᠳᠠᠯ ᠲᠠᠢ ᠪᠠᠶᠢᠭ᠎ᠠ ᠲᠠᠢ ᠲᠠᠨᠢᠯᠴᠠᠭᠰᠠᠨ᠃

ᠡ᠃ᠷᠠᠪᠵᠠᠶᠢᠳᠡᠯᢉᠡᠷᠡᢈᠦ: ᠡᠮᠨᠡᠯᢉᠡ ᠶ᠋ᠢᠨ ᠳᠠᠷᠤᠭ᠎ᠠ ᠲᠠᠢ ᠶᠠᠷᠢᠵᠤ ᠵᠥᠪᠯᠡᢉᠡᠳ ᠬᠠᠭᠠᠰ ᠰᠠᠶᠢᠨ ᠡᠳᠦᠷ ᠬᠠᠭᠠᠯᠭ᠎ᠠ ᠦᢉᠡᠢ ᠦᠶ᠎ᠡ ᠳ᠋ᠦ ᠴᠠᢈᠢᠯᠭᠠᠨ ᠤ᠋ ᠠᠰᠠᠭᠤᠳᠠᠯ ᠢ᠋ᠶᠠᠨ ᠰᠢᠢᠳᠪᠦᠷᠢᠯᠡᠵᠦ᠂ ᠬᠣᠯᠪᠤᠶ᠎ᠠ ᢉᠡᠵᠦ ᠲᠥᠯᠦᠪᠯᠡᢉᠰᠡᠨ᠃

ᠰ᠃ᠪᠠᠶᠠᠰᠬᠤᠯᠠᠩ: ᠒᠓ ᠳ᠋ᠤᠭᠠᠷ ᠴᠡᠴᠡᠷᠯᠢᢉ ᠦ᠋ᠨ ᠥᠷᢉᠡᠳᢈᠡᠯ ᠦ᠋ᠨ ᠪᠠᠷᠢᠯᠭ᠎ᠠ ᠳᠡᢉᠡᠷ᠎ᠡ ᠣᠴᠢᠯ᠎ᠠ᠃ ᠑᠒ ᠳ᠋ᠤᠭᠠᠷ ᠰᠠᠷ᠎ᠠ ᠶ᠋ᠢᠨ ᠑᠆ ᠶ᠋ᠢᠨ ᠡᠳᠦᠷ ᢉᠡᢈᠦ ᠳ᠋ᠦ ᠳᠠᠭᠤᠰᠬᠤ ᠶᠣᠰᠤᠲᠠᠢ᠃ ᢉᠡᠲᠡᠯ᠎ᠡ ᠣᠳᠤ ᠶ᠋ᠢᠨ ᠪᠠᠶᠢᠳᠠᠯ ᠢ᠋ᠶᠠᠷ ᠬᠤᠭᠤᠴᠠᠭᠠᠨ ᠳ᠋ᠤ ᠪᠠᠨ ᠳᠠᠭᠤᠰᠬᠤ ᠪᠣᠯᠤᠮᠵᠢ ᠦᢉᠡᠢ ᠬᠠᠷᠠᠭᠳᠠᠵᠤ ᠪᠠᠶᠢᠨ᠎ᠠ᠃ ᠤᠯᠤᠰ ᠤ᠋ᠨ ᠲᠥᠰᠦᠪ ᠢ᠋ᠶᠡᠷ ᢈᠡᠷᠡᢉᠵᠢᠵᠦ ᠪᠠᠶᠢᠭ᠎ᠠ᠂ ᠪᠠᠷᠢᠯᠭ᠎ᠠ ᢈᠥᢉᠵᠢᠯ ᠦ᠋ᠨ ᠲᠥᠪ ᠬᠠᠷᠢᠭᠤᠴᠠᠵᠤ ᠪᠠᠶᠢᠭ᠎ᠠ ᠠᠵᠢᠯ᠃ ᠠᠵᠢᠯ ᠤ᠋ᠨ ᠵᠢᠷᠤᠭ ᠲᠤ ᠨᠢ ᠥᢉᠡᠷᠡᠴᠢᠯᠡᠯᠲᠡ ᠣᠷᠤᠭᠰᠠᠨ᠃

ᠫ᠃ᠪᠠᠲᠤᠰᠦ᠋ᢈᠡ: ᠵᠠᠰᠠᠭ ᠤ᠋ᠨ ᠭᠠᠵᠠᠷ ᠤ᠋ᠨ ᠲᠣᠭᠲᠠᠭᠠᠯ ᠢ᠋ᠶᠠᠨ ᠪᠠᠷᠢᠭᠠᠳ ᠒ ᠤᠳᠠᠭ᠎ᠠ ᠣᠴᠢᠵᠤ ᢈᠢᠨᠠᠯᠲᠠ ᠲᠠᠯᠪᠢᠭᠰᠠᠨ᠃ ᠠᠵᠢᠯ ᠤ᠋ᠨ ᠵᠢᠷᠤᠭ ᠲᠤ ᠥᢉᠡᠷᠡᠴᠢᠯᠡᠯᠲᠡ ᠣᠷᠤᠭᠰᠠᠨ ᠲᠤᠯᠠ ᠪᠷᠢᠭᠠᠳ ᠨᠢ ᠪᠠᠰᠠ ᠰᠣᠯᠢᠭᠳᠠᠭᠰᠠᠨ᠃ ᠬᠤᠭᠤᠴᠠᠭᠠᠨ ᠤ᠋ ᠬᠤᠪᠢ ᠳ᠋ᠤ ᠬᠣᠴᠤᠷᠴᠤ ᠪᠠᠶᠢᠭ᠎ᠠ ᠲᠠᠯᠠᠭᠠᠷ ᠤᠳᠠᠭ᠎ᠠ ᠳᠠᠷᠠᠭ᠎ᠠ ᠠᠩᠬᠠᠷᠤᠭᠤᠯᠤᠭᠰᠠᠨ᠃

ᠰ᠃ᠨᠠᠰᠤᠨᠪᠠᠲᠤ: ᠪᠰᠰᠢᠰᠢᠶ᠎ᠠ ᠨ ᠤ᠋ ᠶᠠᠮᠤᠨ ᠳ᠋ᠤ ᠮᠢᠨᠤ ᠨᠡᠷ᠎ᠡ ᠪᠡᠷ ᠠᠵᠢᠯ ᠤ᠋ᠨ ᠶᠠᠪᠤᠴᠠ ᠶ᠋ᠢᠨ ᠲᠠᠯᠠᠭᠠᠷ ᠠᠯᠪᠠᠨ ᠪᠢᠴᠢᢉ ᠥᠨᠦᠳᠦᠷ ᠶᠠᠪᠤᠭᠤᠯᠤᠭᠠᠷᠠᠢ᠃ ᠪᠢᠳᠡ ᠠᠰᠢᠭᠯᠠᠭᠴᠢ ᠶ᠋ᠢᠨ ᠵᠦᢉ ᠡᠴᠡ ᢈᠢᠨᠠᠯᠲᠠ ᠲᠠᠯᠪᠢᠵᠤ᠂ ᠱᠠᠭᠠᠷᠳᠠᠯᠭ᠎ᠠ ᠪᠠᠨ ᠲᠠᠯᠪᠢᠯ᠎ᠠ᠃ ᠥᠨᠦᠳᠦᠷ ᠦ᠋ᠨ ᠪᠠᠶᠢᠳᠠᠯ ᠢ᠋ᠶᠠᠷ ᠠᠵᠢᠯ ᠤ᠋ᠨ ᠶᠠᠪᠤᠴᠠ ᠑᠐ ᠬᠤᠪᠢ ᠲᠠᠢ ᠪᠠᠶᠢᠨ᠎ᠠ᠃ ᠵᠠᢈᠢᠶᠠᠯᠠᠭᠴᠢ ᠶ᠋ᠢᠨ ᠵᠦᢉ ᠡᠴᠡ ᠬᠣᠯᠪᠤᠭᠳᠠᠬᠤ ᠪᠠᠶᠢᠭᠤᠯᠤᠯᠭ᠎ᠠ ᠳ᠋ᠤ ᠱᠠᠭᠠᠷᠳᠠᠯᠭ᠎ᠠ ᢈᠦᠷᢈᠡᢉᠦᠯᠵᠦ ᠥᢉᢉᠦᠨ᠎ᠡ ᠦᠦ ᢉᠡᢉᠰᠡᠨ ᠤᠳᠬ᠎ᠠ ᠲᠠᠢ ᠪᠢᠴᠢᢉ ᠶᠠᠪᠤᠭᠤᠯᠤᠭᠠᠷᠠᠢ᠃ ᠫ᠃ᠪᠠᠲᠤᠰᠦ᠋ᢈᠡ ᠳᠠᠷᠤᠭ᠎ᠠ ᠲᠥᠰᠦᠯ ᠢ᠋ ᠨᠢ ᠪᠡᠯᠡᠳᠦ᠋ᢉᠡᠷᠡᠢ᠃

ᠰ᠃ᠪᠠᠶᠠᠰᠬᠤᠯᠠᠩ: ᠰᠫᠤᠷᠲ ᠴᠣᠭᠴᠠᠯᠠᠪᠤᠷᠢ ᠶ᠋ᠢᠨ ᠪᠠᠷᠢᠯᠭ᠎ᠠ ᠶ᠋ᠢᠨ ᠶᠠᠪᠤᠴᠠ ᠲᠠᠢ ᠲᠠᠨᠢᠯᠴᠠᠭᠰᠠᠨ᠃ ᠳᠣᠲᠤᠷ᠎ᠠ ᠠᠵᠢᠯ ᠶᠠᠪᠤᠭᠳᠠᠵᠤ ᠪᠠᠶᠢᠨ᠎ᠠ᠃ ᠵᠢᠷᠤᠭ ᠤ᠋ᠨ ᠻᠣᠮᠫᠠᠨᠢ ᠲᠠᠢ ᠶᠠᠷᠢᠭᠰᠠᠨ᠃ ᠥᠨᠦᠳᠦᠷ ᠮᠠᠨ ᠤ᠋ ᠳ᠋ᠤ ᠵᠢᠷᠭᠤᠭ᠎ᠠ ᠥᢉᢈᠦ ᠪᠡᠷ ᠶᠠᠷᠢᠵᠤ ᠲᠣᢈᠢᠷᠠᠭᠰᠠᠨ᠃ ᠵᠢᠷᠤᠭ ᠤ᠋ᠨ ᠪᠠᠭ ᠥᠨᠦᠳᠦᠷ ᠮᠠᠨ ᠤ᠋ ᠳ᠋ᠤ ᠢᠷᠡᠨ᠎ᠡ᠃
ᠰ᠃ᠨᠠᠰᠤᠨᠪᠠᠲᠤ: ᢈᠡᠳᠦᠨ ᠴᠠᠭ ᠲᠤ ᠠᠭᠤᠯᠵᠠᠬᠤ ᠶᠤᠮ? ᠬᠠᠮᠲᠤ ᠠᠭᠤᠯᠵᠠᠶ᠎ᠠ᠃

ᠰ᠃ᠪᠠᠶᠠᠰᠬᠤᠯᠠᠩ: ᠨᠠᠭᠠᠰᠢ ᠪᠠᠨ ᠭᠠᠷᠤᠭᠠᠳ ᠶᠠᠪᠤᠵᠤ ᠪᠠᠶᠢᠭ᠎ᠠ᠃

ᠡ᠃ᠷᠠᠪᠵᠠᠶᠢᠳᠡᠯᢉᠡᠷᠡᢈᠦ: ᠬᠣᠯᠪᠤᠭᠳᠠᠯᠲᠠᠢ ᠨᠢᢉᠡ ᠮᠡᠳᠡᢉᠡᠯᠡᠯ ᠪᠠᠶᠢᠨ᠎ᠠ᠃ ᠰᠫᠣᠷᠲ ᠴᠣᠭᠴᠠᠯᠠᠪᠤᠷᠢ ᠶ᠋ᠢᠨ ᠪᠠᠷᠢᠯᠭ᠎ᠠ ᠶ᠋ᠢᠨ ᠵᠢᠷᠤᠭ ᠤ᠋ᠨ ᠬᠤᠪᠢ ᠳ᠋ᠤ ᠮᠡᠳᠡᢉᠡᠯᠡᠯ ᠬᠠᠷᠢᠯᠴᠠᠭ᠎ᠠ ᠬᠣᠯᠪᠤᠭᠠᠨ ᠤ᠋ ᠵᠢᠷᠤᠭ ᠨᠢ ᠒᠐᠐᠘ ᠣᠨ ᠳ᠋ᠤ ᢈᠢᢉᠳᠡᢉᠰᠡᠨ᠃ ᢉᠡᠷᠡᠯᠲᠦ ᠭᠤᠳᠤᠮᠵᠢ ᠶ᠋ᠢᠨ ᠳᠤᠮᠳᠠᠭᠤᠷ ᠣᠷᠤᠬᠤ ᠪᠠᠷ ᢈᠢᢉᠳᠡᢉᠰᠡᠨ ᠪᠠᠶᠢᠭᠰᠠᠨ᠃ ᠳᠠᠲᠠᠰᠤ᠂ ᠳᠠᠰᠤ᠂ ᠳᠠᠷᠬᠠᠨ ᠤᠰᠤ ᠰᠤᠪᠠᠭ᠂ ᠵᠠ᠂ ᢉᢈᠦᠪᢈᠢᢉ᠂ ᠠᠶᠢᠮᠠᠭ ᠤ᠋ᠨ ᠶᠡᠷᠦᠩᢈᠡᠢ ᠠᠷᢈᠢᠲ᠋ᠧᠻᠲ᠋ᠤᠷ ᠬᠠᠮᠲᠤᠷᠠᠨ ᠠᠭᠤᠯᠵᠠᠯᠲᠠ ᢈᠢᠵᠦ ᠵᠥᠪᠰᠢᠯᠴᠡᢉᠰᠡᠨ᠃ ᠑ᠠ ᠪᠠᠶᠢᠷᠢᠨ ᠤ᠋ ᠪᠤᠯᠤᠩ ᠠ᠋ᠴᠠ ᠰᠦᠪᠡᠯᠡᠵᠦ ᠭᠠᠷᠭᠠᠭᠠᠳ ᠮᠣᠩᠭᠣᠯ ᠪᠠᠩᠻᠢ᠂ ᠰᠫᠤᠷᠲ ᠣᠷᠳᠤᠨ ᢉᠡᠵᠦ ᠭᠠᠷᠤᠭᠰᠠᠨ ᠵᠢᠷᠤᠭ ᠢ᠋ᠶᠠᠷ ᠰᠣᠯᠢᠬᠤ ᠲᠠᠯᠠᠭᠠᠷ ᠵᠥᠪᠰᠢᠯᠴᠡᢉᠰᠡᠨ᠃

ᠰ᠃ᠨᠠᠰᠤᠨᠪᠠᠲᠤ: ᠥᠴᠦᢉᠡᠳᠦᠷ “ᠣᠳᠤᠨ ᠳ᠋ᠤ” ᢈᠥ‍᠂ᠦ‍᠂ᠬᠣ‍᠂ ᠶ᠋ᠢᠨ ᠵᠠᢈᠢᠷᠤᠯ ᠶᠠᠷᠢᠭᠠᠳ ᠲᠡᠳᠡᠨ ᠦ᠋ ᢈᠢᠵᠦ ᠪᠠᠶᠢᠭ᠎ᠠ ᠵᠠᠮ ᠳᠡᢉᠡᠷ᠎ᠡ ᠪᠣᢈᠢᠷ ᠤ᠋ᠨ ᠱᠤᠭᠤᠮ᠂ ᠳᠤᠯᠠᠭᠠᠨ ᠤ᠋ ᠱᠤᠭᠤᠮ ᠪᠠᠶᠢᠨ᠎ᠠ ᢉᠡᢉᠰᠡᠨ᠃ ᠵᠠᠮ ᠬᠠᠭᠤᠯᠬᠤ ᠪᠠᠷ ᠭᠠᠷᠤᠭᠠᠳ ᠢᠷᠡᢉᠰᠡᠨ ᠪᠠᠶᠢᠨ᠎ᠠ᠃ ᠪᠢᠲᠡᢉᠦᠦ ᠠᠰᠠᠫᠠᠯᠲᠠ ᠪᠠᠷ ᠬᠤᠴᠢᠭᠰᠠᠨ᠂ ᠳᠤᠯᠠᠭᠠᠨ ᠨᠢ ᠴᠤ᠂ ᠤᠰᠤ ᠰᠤᠪᠠᠭ ᠨᠢ ᠴᠤ ᠮᠡᠳᠡᢈᠦ ᠦᢉᠡᠢ ᠱᠤᠭᠤᠮ ᠤ᠋ᠳ ᠪᠠᠶᠢᠨ᠎ᠠ᠃ ᠥᠨᠦᠳᠦᠷ ᠣᠳᠤᠨ ᠳ᠋ᠤ ᢈᠢ‍᠂ᠬᠤ‍᠂᠆ ᠲᠠᠢ ᠠᠭᠤᠯᠵᠠᠵᠤ᠂ ᠱᠤᠭᠤᠮ ᠤ᠋ᠳ ᠢ᠋ ᠦᠵᠡᢉᠡᠳ ᠡᠷᢉᠢᠵᠦ ᠮᠡᠳᠡᢉᠡᠯᠡᠯ ᠥᢉᢉᠦᢉᠡᠷᠡᠢ᠃

ᠰ᠃ᠪᠠᠶᠠᠰᠬᠤᠯᠠᠩ: ᠙ ᠳ᠋ᠦ᠋ᢉᠡᠷ ᠪᠠᠭ ᠤ᠋ᠨ ᠰᠢᠨ᠎ᠡ ᠴᠡᠴᠡᠷᠯᠢᢉ ᠢ᠋ ᠣᠳᠤ ᠙ ᠴᠠᠭ ᠠ᠋ᠴᠠ ᢈᠦᠯᠢᠶᠡᠵᠦ ᠠᠪᠤᠨ᠎ᠠ᠃ ᢈᠡᠨ ᠳ᠋ᠦ ᠨᠢ ᢈᠦᠯᠢᠶᠡᠯᢉᠡᢈᠦ ᠪᠤᠢ?

ᠰ᠃ᠨᠠᠰᠤᠨᠪᠠᠲᠤ: ᠠᠰᠢᠭᠯᠠᠯᠲᠠ ᠶ᠋ᠢᠨ ᠡᠮᠦᠨᠡᢈᠢ ᠵᠠᢈᠢᠷᠭ᠎ᠠ ᠪᠠᠶᠢᠭᠤᠯᠤᠨ᠎ᠠ᠃ ᠡᢈᠢᠨ ᠦ᠋ ᠡᢉᠡᠯᠵᠢ ᠳ᠋ᠦ ᠓ ᢈᠦᠮᠦᠨ ᠠᠪᠤᠨ᠎ᠠ᠃ ᠵᠠᢈᠢᠷᠤᠯ᠂ ᠨᠢᠭᠲᠠᠯᠠᠨ᠂ ᠨᠢᠷᠪᠠ᠃ ᠲᠠᠤᠬ᠎ᠠ᠂ ᠨᠪᠬ᠎ᠠ ᠡᢉᠦᠨ ᠲᠡᠢ ᠬᠣᠯᠪᠤᠭ᠎ᠠ ᠲᠠᠢ ᠪᠠᠷ ᠠᠪᠢᠯᠭ᠎ᠠ ᠲᠠᠢ ᠲᠡᠮᠡᠴᠡᢈᠦ ᠭᠠᠵᠠᠷ ᠯᠤᠤ ᠪᠢᠴᠢᢉ ᠶᠠᠪᠤᠭᠤᠯᠤᠭᠠᠷᠠᠢ᠃

ᠮᠡᠳᠡᢉᠡᠯᠡᠯ:

ᠨᠡᠶᠢᢉᠡᠮ ᠦ᠋ᠨ ᠪᠣᠳᠤᠯᠭ᠎ᠠ ᠶ᠋ᠢᠨ ᢈᠡᠯᠲᠡᠰ: ᠥᠩᢉᠡᠷᠡᢉᠰᠡᠨ ᠗ ᠬᠣᠨᠤᠭ ᠲᠤ ᠰᠠᠶᠢᠨᠲᠤ ᠵᠣᠨᠪᠤᠰᠻᠤ –ᠡᠶᠢᠨ ᠲᠡᠳᢈᠦᠯᢉᠡ ᠳ᠋ᠦ ᠬᠠᠮᠤᠷᠤᠭᠳᠠᠬᠤ ᢈᠦᠰᠡᠯ ᠲᠡᠢ ᠔᠘ ᠣᠶᠤᠲᠠᠨ ᠤ᠋ ᠮᠠᠲ᠋ᠧᠷᠢᠠᠯ ᠢ᠋ ᢈᠦᠯᠢᠶᠡᠵᠦ ᠠᠪᠴᠤ ᠑᠐ ᠣᠶᠤᠲᠠᠨ ᠢ᠋ ᠰᠢᠯᠭᠠᠷᠠᠭᠤᠯᠤᠭᠰᠠᠨ᠃ ᠡᠨᠡ ᠵᠢᠯ ᠶᠧᠪᠰ ᠲᠡᢉᠦᠰᠦᢉᠰᠡᠨ ᠑᠐᠂ ᠣᠳᠤ ᠢᠳᠡᠰ ᠲᠦ ᠰᠤᠷᠴᠤ ᠪᠠᠶᠢᠭ᠎ᠠ ᠑᠐ ᠣᠶᠤᠲᠠᠨ ᠳ᠋ᠤ ᠨᠡᠶᠢᠲᠡ ᠑᠂᠕ ᠰᠠᠶ᠎ᠠ ᠲᠥᢉᠦᠷᠢᢉ ᠦ᠋ᠨ ᠲᠡᠳᢈᠦᠯᢉᠡ ᠶ᠋ᠢ ᠣᠯᠭᠠᠬᠤ ᠪᠠᠷ ᠪᠠᠶᠢᠨ᠎ᠠ᠃ ᢉᠡᠷ ᠪᠦᠯᠢ ᢈᠡᠦᢈᠡᠳ ᠵᠠᠯᠠᠭᠤᠴᠤᠤᠯ ᠤ᠋ᠨ ᠭᠠᠵᠠᠷ ᠤ᠋ᠨ ᢈᠡᠦᢈᠡᠳ ᠬᠠᠮᠠᠭᠠᠯᠠᠬᠤ ᠤᠲᠠᠰᠤᠨ ᠳ᠋ᠤ ᠢᠷᠡᢉᠦᠯᠦᢉᠰᠡᠨ ᠳᠠᠭᠤᠳᠠᠯᠭ᠎ᠠ ᠶ᠋ᠢᠨ ᠳᠠᠭᠠᠭᠤ ᠬᠠᠮᠠᠭᠠᠯᠠᠯ ᠤ᠋ᠨ ᠬᠠᠷᠢᠭᠤ ᠦᠶᠢᠯᠡᠴᠢᠯᠡᢉᠡ ᠶ᠋ᠢ ᠑᠑ ᢈᠡᠦᢈᠡᠳ ᠲᠦ ᠦᠵᠡᢉᠦᠯᠦᢉᠰᠡᠨ᠃ ᠡᠨᠡ ᠗ ᠬᠣᠨᠤᠭ ᠲᠤ “ᠰᠢᠯ ᠡᠮᠨᠡᠯᢉᠡ ᠒” ᠲᠥᠰᠦᠯ ᠢ᠋ ᢈᠦᠯᠢᠶᠡᠨ ᠠᠪᠬᠤ ᢈᠡᠰᠡᢉ ᠲᠦ ᠠᠵᠢᠯᠯᠠᠨ᠎ᠠ᠃
ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ ᢈᠡᠯᠲᠡᠰ: ᠥᠩᢉᠡᠷᠡᢉᠰᠡᠨ ᠗ ᠬᠣᠨᠤᠭ ᠲᠤ ᢈᠢᢉᠳᠡᢉᠰᠡᠨ ᠵᠣᢈᠢᠶᠠᠨ ᠪᠠᠶᠢᠭᠤᠯᠤᠯᠲᠠ ᠶ᠋ᠢᠨ ᠠᠵᠢᠯ ᠤ᠋ᠳ ᠤ᠋ᠨ ᠲᠠᠯᠠᠭᠠᠷ ᠲᠣᠪᠴᠢ ᠮᠡᠳᠡᢉᠡᠯᠡᠯ ᢈᠢᠶ᠎ᠡ᠃ ᠠᠶᠢᠮᠠᠭ ᠤ᠋ᠨ ᠵᠠᠰᠠᠭ ᠳᠠᠷᠤᠭ᠎ᠠ ᠶ᠋ᠢᠨ ᠑ ᠵᠠᢈᠢᠷᠤᠮᠵᠢ ᠭᠠᠷᠴᠤ᠂ ᠰᠠᠶᠢᠲᠤ ᠳ᠋ᠤ ᠪᠠᠶᠢᠷᠢᠰᠢᠭᠤᠯᠤᠭᠰᠠᠨ᠃ ᠪᠥᠩᠬᠠᠦ ᠆ ᠶ᠋ᠢᠨ ᠡᠯᠴᠢᠨ ᠰᠠᠶᠢᠳ ᠢ᠋ ᢈᠦᠯᠢᠶᠡᠨ ᠠᠪᠬᠤ ᠲᠠᠢ ᠬᠣᠯᠪᠤᠭᠳᠠᠭᠰᠠᠨ ᢈᠥᠲᠦᠯᠪᠦᠷᠢ᠂ ᠲᠥᠯᠦᠪᠯᠡᢉᠡ᠂ ᠮᠡᠳᠡᢉᠡᠯᠡᠯ ᠢ᠋ ᢈᠡᠯᠲᠡᠰ ᠦ᠋ᠳ ᠡᠴᠡ ᠠᠪᠴᠤ ᠨᠢᢉᠡᠳᢈᠡᢉᠰᠡᠨ᠃ ᢈᠢᠲᠠᠳ ᠲᠤ ᠰᠤᠷᠤᠭᠰᠠᠨ ᠳᠠᠷᠬᠠᠨ ᠆ ᠥᠷᢉᠦᢉᠡ ᠶ᠋ᠢᠨ ᠣᠶᠤᠲᠠᠨ ᠨᠤᠭᠤᠳ ᠲᠠᠢ ᠪᠡᠶᠡᠴᠢᠯᠡᠨ ᠠᠭᠤᠯᠵᠠᠬᠤ ᢈᠦᠰᠡᠯ ᠲᠡᠢ ᠪᠠᠶᠢᠭ᠎ᠠ ᠲᠤᠬᠠᠢ ᠡᠰ ᠦ᠋ ᠠᠴᠠ ᠶᠠᠷᠢᠭᠰᠠᠨ᠃ ᠠᠶᠢᠯᠴᠢᠯᠠᠯ ᠲᠣᠳᠤᠷᠬᠠᠢ ᠦᢉᠡᠢ ᠬᠤᠭᠤᠴᠠᠭ᠎ᠠ ᠪᠠᠷ ᠬᠣᠶᠢᠰᠢᠯᠠᠭᠰᠠᠨ᠃ ᠥᠩᢉᠡᠷᠡᢉᠰᠡᠨ ᠗ ᠬᠣᠨᠤᠭ ᠲᠤ ᠑᠔ ᠡᠷᠭᠤᠳᠡᠯ ᢈᠦᠯᠢᠶᠡᠨ ᠠᠪᠤᠭᠰᠠᠨ ᠠ᠋ᠴᠠ ᠕ ᠨᠢ ᠠᠬᠠᠮᠠᠳ ᠤ᠋ᠨ ᠪᠠᠶᠢᠷᠢᠨ ᠤ᠋ ᠲᠠᠯᠠᠭᠠᠷ ᢈᠦᠰᠡᠯᠲᠡ ᠢᠷᠡᢉᠦᠯᠦᢉᠰᠡᠨ᠃

ᠰ᠃ᠨᠠᠰᠤᠨᠪᠠᠲᠤ: ᠢᠷᠡᢉᠰᠡᠨ ᠡᠷᠭᠤᠳᠡᠯ ᠦ᠋ᠳ ᠲᠦ ᠳᠠᠷᠠᠭᠠᢈᠢ ᠬᠠᠷᠢᠭᠤ ᠶ᠋ᠢ ᠥᢉᢈᠦ ᠶ᠋ᠢ ᠠᠩᠬᠠᠷᠤᠨ᠎ᠠ ᠤ᠋ᠤ᠃ ᠒᠐᠑᠙ ᠣᠨ ᠤ᠋ ᠪᠦᠲᠦᢉᠡᠨ ᠪᠠᠶᠢᠭᠤᠯᠤᠯᠲᠠ ᠪᠠᠷ ᢈᠢᢉᠳᠡᢈᠦ ᠳᠠᢈᠢᠨ ᠲᠥᠯᠦᠪᠯᠡᠯᠲᠡ ᠶ᠋ᠢᠨ ᠒ ᠳ᠋ᠤᠭᠠᠷ ᠡᢉᠡᠯᠵᠢ ᠶ᠋ᠢᠨ ᠪᠠᠶᠢᠷᠢᠨ ᠳ᠋ᠤ ᠡᠷᢉᠦᠳᠡᠯ ᠦ᠋ᠨ ᠵᠢᠭᠰᠠᠭᠠᠯᠲᠠ ᠶ᠋ᠢᠨ ᠳᠠᠭᠠᠭᠤ ᠮᠥᠨ ᠰᠢᠯᠭᠠᠷᠠᠭᠤᠯᠬᠤ ᠵᠢᠷᠤᠮ ᠤ᠋ᠨ ᢈᠦᠷᠢᠶ ᠡᠨ ᠳ᠋ᠦ ᠠᠬᠠᠮᠠᠳ ᠲᠤ ᠵᠣᠷᠢᠭᠤᠯᠤᠨ ᠪᠠᠶᠢᠷᠢ ᠶ᠋ᠢ ᠣᠯᠭᠠᠨ᠎ᠠ ᢉᠡᢉᠰᠡᠨ ᠬᠠᠷᠢᠭᠤ ᠶ᠋ᠢ ᠥᢉᢉᠦᢉᠡᠷᠡᠢ᠃ ᠰᠢᠶᠢᠳᠪᠦᠷᠢᠯᠡᢈᠦ ᠪᠣᠯᠤᠮᠵᠢ ᠦᢉᠡᠢ ᢉᠡᠰᠡᠨ ᠬᠠᠷᠢᠭᠤ ᠶ᠋ᠢ ᠥᢉᢈᠦ ᠦᢉᠡᠢ ᠪᠠᠶᠢᠬᠤ ᠶ᠋ᠢ ᠠᠩᠬᠠᠷᠤᠨ᠎ᠠ ᠤ᠋ᠤ᠃

ᠴᠡᠷᠢᢉ ᠦ᠋ᠨ ᠱᠲ᠋ᠠᠪ ᠮᠡᠳᠡᢉᠡᠯᠡᠯ ᢈᠢᠪᠡ᠃ /ᠬᠠᠪᠰᠠᠷᠭᠠᠪᠠ/

ᠮᠲ᠋ᠠ ᠆ᠠᠴᠠ ᠮᠡᠳᠡᢉᠡᠯᠡᠯ ᢈᠢᠪᠡ᠃ /ᠬᠠᠪᠰᠠᠷᠭᠠᠪᠠ/

ᠰ᠃ᠨᠠᠰᠤᠨᠪᠠᠲᠤ: ᠡᠪᠦᠯᠵᠢᠯᠲᠡ ᠶ᠋ᠢᠨ ᠪᠡᠯᠡᠳᢈᠡᠯ ᠬᠠᠩᠭᠠᠬᠤ ᠵᠠᢈᠢᠷᠤᠮᠵᠢ ᠪᠠᠷ ᠵᠠᠷᠤᠴᠠᠭᠤᠯᠤᠭᠳᠠᠭᠰᠠᠨ ᠮᠥᠩᢉᠦᠨ ᠦ᠋ ᢉᠦᠢᠴᠡᠳᢈᠡᠯ ᠶᠠᠭᠤ ᠪᠣᠯᠵᠤ ᠪᠠᠶᠢᠨ᠎ᠠ?

ᠡ᠃ᠷᠠᠪᠵᠠᠶᠢᠳᠡᠯᢉᠡᠷᠡᢈᠦ: ᠨᠣᠬᠠᠢ ᠪᠥᢉᠡᠰᠦ ᠤᠰᠠᠳᠬᠠᠯ ᠠ᠋ᠴᠠ ᠪᠤᠰᠤᠳ ᠪᠦᢈᠦ ᠰᠠᠩᢈᠦᠵᠢᠯᠲᠡ ᠨᠢ ᠰᠢᠯᠵᠢᢉᠰᠡᠨ᠃ ᠒᠑ ᠳ᠋ᠦ᠋ᢉᠡᠷ ᠴᠡᠴᠡᠷᠯᠢᢉ ᠦ᠋ᠨ ᠳᠡᢉᠡᠪᠦᠷ ᠦ᠋ᠨ ᠠᠰᠠᠭᠤᠳᠠᠯ ᠢ᠋ᠶᠠᠷ ᠲᠠᠨ ᠠ᠋ᠴᠠ ᠴᠢᢉᠯᠡᠯ ᠠᠪᠤᠮᠠᠷ ᠪᠠᠶᠢᠨ᠎ᠠ᠃ ᠰᠠᠶᠢᠳ ᠢ᠋ᠶᠠᠷ ᠨᠢ ᠰᠢᠢᠳᠦᢉᠦᠯᠦᠨ᠎ᠡ ᢉᠡᠳ ᢈᠥᠷᠦᠩᢉᠡ ᠨᠢ ᠰᠢᠢᠳᠦᢉᠳᠡᢉᠡ ᠦᢉᠡᠢ ᠪᠠᠶᠢᠭ᠎ᠠ᠃ ᠘ ᠰᠠᠶᠢ ᠲᠥᢉᠦᠷᠢᢉ ᠢ᠋ᠶᠡᠷ ᠵᠠᠰᠠᠪᠤᠷᠢ ᢈᠢᠶ᠎ᠡ ᢉᠡᠵᠦ ᠶᠠᠷᠢᠵᠤ ᠪᠠᠶᠢᠭᠰᠠᠨ᠃

ᠫ᠃ᠪᠠᠲᠤᠰᠦ᠋ᢈᠡ: ᠪᠠᠷᠢᠯᠭ᠎ᠠ ᠶ᠋ᠢᠨ ᠳᠡᢉᠡᠪᠦᠷ ᠢ᠋ ᠮᠡᠷᢉᠡᠵᠢᠯ ᠦ᠋ᠨ ᢈᠦᠮᠦᠰ ᠦᠵᠡᢉᠡᠳ ᠳ᠋ᠦᠩᠨᠡᠯᠲᠡ ᠪᠡᠷ ᠳᠡᢉᠡᠪᠦᠷ ᠦ᠋ᠨ ᠴᠠᠭᠠᠰᠤ ᠰᠣᠯᠢᠬᠤ ᢈᠦᠷᠲᠡᠯ᠎ᠡ ᠮᠠᠭᠤᠳᠠᠭ᠎ᠠ ᠦᢉᠡᠢ᠂ ᠴᠠᠪᠠᠤ ᠪᠠᠷ ᠲᠣᠭᠲᠠᠭᠠᠵᠤ ᠪᠣᠯᠬᠤ ᠪᠠᠷ ᠪᠠᠶᠢᠨ᠎ᠠ ᢉᠡᠵᠦ ᠦᠵᠡᢉᠰᠡᠨ᠃ ᠕ ᠳ᠋ᠠᢈᠢ ᠡᠳᠦᠷ ᠡᠷᢈᠢᠯᠡᢉᠴᠢ ᠲᠡᠢ ᠨᠢ ᠠᠭᠤᠯᠵᠠᠭᠠᠳ ᠢᠷᠡᢈᠦ ᠵᠢᠯ ᢈᠦᠷᠲᠡᠯ᠎ᠡ ᠴᠠᠪᠠᠤᠳᠠᠬᠤ ᠠᠷᠭ᠎ᠠ ᢈᠡᠮᠵᠢᠶ᠎ᠡ ᠠᠪᠬᠤ ᠲᠤᠬᠠᠢ ᢈᠡᠯᠡᢉᠰᠡᠨ᠃

ᠰ᠃ᠨᠠᠰᠤᠨᠪᠠᠲᠤ: ᠡᠷᢈᠢᠯᠡᢉᠴᠢ ᠲᠡᠢ ᠨᠢ ᠳᠠᢈᠢᠨ ᠠᠭᠤᠯᠵᠠᠭᠠᠷᠠᠢ᠃

ᢈᠡᠵᠡᢈᠦ ᠡᠴᠡ ᠮᠡᠳᠡᢉᠡᠯᠡᠯ ᢈᠢᠪᠡ᠃ /ᠬᠠᠪᠰᠠᠷᠭᠠᠪᠠ/

ᠰ᠃ᠨᠠᠰᠤᠨᠪᠠᠲᠤ: ᠓ ᠰᠢᢉᠦᢈᠦ ᠬᠤᠷᠠᠯ ᠳ᠋ᠤ ᠰᠠᠭᠤᠭᠰᠠᠨ ᢉᠡᢉᠰᠡᠨ᠃ ᠮᠡᠳᠡᢉᠡᠯᠡᠯ ᠨᠢ ᠪᠠᠶᠢᠨ᠎ᠠ ᠤᠤ? ᠡᠮᠦᠨ᠎ᠡ ᠨᠢ ᠰᠢᢉᠦᢈᠦ ᠡᠴᠡ ᠮᠠᠨ ᠤ᠋ ᢈᠢ ᠶ᠋ᠢ ᢈᠦᠨᠳᠦ ᠰᠤᠷᠲᠠᠯ ᠲᠠᠢ᠂ ᠢᠲᠡᢉᠡᠮᠵᠢᠯᠡᢉᠳᠡᢉᠰᠡᠨ ᠲᠥᠯᠦᢉᠡᠯᠡᢉᠴᠢᠳ ᠬᠤᠷᠠᠯ ᠳ᠋ᠤ ᠢᠷᠡᠵᠦ ᠰᠠᠭᠤᠳᠠᠭ ᠦᢉᠡᠢ ᢉᠡᢉᠰᠡᠨ ᠰᠢᢉᠦᠮᠵᠢᠯᠡᠯ ᠢᠷᠡᢉᠰᠡᠨ᠃ ᠠᠵᠢᠯ ᠤ᠋ᠨ ᠮᠠᠷᠭᠤᠭᠠᠨ ᠢ᠋ᠶᠠᠷ ᠬᠠᠯᠠᠭᠳᠠᠭᠰᠠᠨ ᠰᠤᠷᠭᠠᠭᠤᠯᠢ ᠶ᠋ᠢᠨ ᠵᠠᢈᠢᠷᠤᠯ ᠤ᠋ᠨ ᠠᠰᠠᠭᠤᠳᠠᠯ ᠶᠠᠭᠤ ᠪᠣᠯᠵᠤ ᠪᠠᠶᠢᠨ᠎ᠠ? ᠑᠐ ᠨᠡᢈᠡᠮᠵᠢᠯᠡᠯ ᠦ᠋ᠳ ᠢ᠋ᠶᠡᠨ ᠢᠲᠡᢉᠡᠮᠵᠢᠯᠡᢉᠳᠡᢉᠰᠡᠨ ᠲᠥᠯᠦᢉᠡᠯᠡᢉᠴᠢ᠂ ᢈᠡᠵᠢᠶ᠎ᠡ ᠰᠢᢉᠦᢈᠦ ᠬᠤᠷᠠᠯ ᠲᠠᠢ᠂ ᠶᠠᠮᠠᠷ ᠱᠠᠲᠤᠨ ᠳ᠋ᠤ ᠪᠠᠨ ᠶᠠᠪᠤᠵᠤ ᠪᠠᠶᠢᠭ᠎ᠠ ᠲᠠᠯᠠᠭᠠᠷ ᠮᠡᠳᠡᢉᠡᠯᠡᠯ ᠥᢉᢉᠦᢉᠡᠷᠡᠢ᠃ ᠴᠠᠭᠳᠠᠭ᠎ᠠ ᠶ᠋ᠢᠨ ᠮᠡᠳᠡᢉᠡᠯᠡᠯ ᠦ᠋ᠳ ᠢ᠋ᠶᠡᠨ ᠲᠠᠨᠢᠯᠴᠠᠭᠤᠯᠵᠤ ᠪᠠᠢ᠃

ᠬᠣᠩᠭᠤᠷ ᠰᠤᠮᠤ: ᠲᠥᠰᠦᠪ ᠦ᠋ᠨ ᠣᠷᠤᠯᠭ᠎ᠠ ᠶ᠋ᠢᠨ ᠪᠡᠶᠡᠯᠡᠯᠲᠡ ᠑᠐᠗ ᠬᠤᠪᠢ ᠲᠠᠢ᠃ ᠑᠑ ᠲᠥᠰᠦᠯ ᢈᠡᠷᠡᢉᠵᠢᢈᠦ ᠡᠴᠡ ᠳᠣᠲᠤᠭᠤᠷ ᠪᠠᠶᠢᠷᠢᠨ ᠤ᠋ ᠵᠠᠰᠠᠪᠤᠷᠢ᠂ ᠵᠥᢉᠡᠯᠡᠨ ᠡᠳᠯᠡᠯ ᢉᠡᠳ ᠒ ᠠᠵᠢᠯ ᠨᠢ ᠳᠠᠭᠤᠰᠤᠯᠤᠭ᠎ᠠ᠃ ᠰᠠᠯᢈᠢᠲᠤ ᠪᠠᠭ ᠤ᠋ᠨ ᠲᠥᠪ ᠦ᠋ᠨ ᠳᠡᢉᠡᠪᠦᠷ ᠦ᠋ᠨ ᠠᠵᠢᠯ ᢈᠢᢉᠳᠡᠵᠦ ᠪᠠᠶᠢᠭ᠎ᠠ᠃᠑᠆ ᠷ ᠪᠠᠭ ᠤ᠋ᠨ ᠣᠷᠤᠨ ᠰᠠᠭᠤᠴᠠᠨ ᠤ᠋ ᠣᠷᠤᠴᠠᠨ ᠤ᠋ ᠵᠠᠰᠠᠪᠤᠷᠢ ᠶ᠋ᠢᠨ ᠠᠵᠢᠯ ᢈᠢᢉᠳᠡᠵᠦ ᠪᠠᠶᠢᠭ᠎ᠠ᠃ ᠪᠠᠶᠢᠷᠢ ᠨᠤᠭᠤᠳ ᠤ᠋ᠨ ᠳᠤᠮᠳᠠᢈᠢ ᠬᠠᠰᠢᠶᠠᠵᠢᠭᠤᠯᠬᠤ ᠠᠵᠢᠯ ᢈᠢᢉᠳᠡᠵᠦ ᠪᠠᠶᠢᠨ᠎ᠠ᠃ ᠤᠷᠢᠨᠰᠢ ᠪᠣᠯᠪᠠᠰᠤᠷᠠᠭᠤᠯᠤᠯᠲᠠ ᠑᠆ ᠷ ᠦᠶ᠎ᠡ ᠑᠑᠂᠗ ᠮᠢᠩᠭᠠᠨ ᠭᠠ᠂ ᠒᠆ ᠷ ᠦᠶ᠎ᠡ ᠘᠂᠒ ᠮᠢᠩᠭᠠᠨ ᠭᠠ ᠲᠠᠯᠠᠪᠠᠢ ᠳ᠋ᠤ ᠲᠤᠰ ᠲᠤᠰ ᠦᠷᢉᠦᠯᠵᠢᠯᠡᠵᠦ ᠪᠠᠶᠢᠨ᠎ᠠ᠃ ᠤᠷᠭᠤᠴᠠ ᠬᠤᠷᠢᠶᠠᠯᠲᠠ ᠶ᠋ᠢᠨ ᠲᠧᢈᠨᠢᢉ ᠦ᠋ᠨ ᠵᠠᠰᠠᠪᠤᠷᠢ ᠦᠶᠢᠯᠡᠴᠢᠯᠡᢉᠡ ᠶᠠᠪᠤᠭᠳᠠᠵᠤ ᠪᠠᠶᠢᠨ᠎ᠠ᠃ ᠔᠖ ᠻᠣᠮᠪᠠᠶᠢᠨ ᠠ᠋ᠴᠠ ᠒᠕ ᠨᠢ ᠲᠣᠨᠤᠭ ᠲᠥᢈᠦᢉᠡᠷᠦᠮᠵᠢ ᠶ᠋ᠢᠨ ᠦᠵᠡᠯᢉᠡ ᠳ᠋ᠦ ᠣᠷᠤᠵᠤ ᢈᠡᠪ ᠦ᠋ᠨ ᠠᠵᠢᠯᠯᠠᠭ᠎ᠠ ᠶ᠋ᠢ ᠬᠠᠩᠭᠠᠭᠰᠠᠨ᠃ ᠑ ᠭ᠎ᠠ ᠲᠤᠲᠤᠮ ᠠ᠋ᠴᠠ ᠖᠆ ᠒᠕ ᠼᠧᠨᠲ᠋ᠷ ᠬᠤᠷᠢᠶᠠᠬᠤ ᠲᠥᠯᠦᠪ ᠲᠡᠢ ᠪᠠᠶᠢᠨ᠎ᠠ᠃

ᠰ᠃ᠨᠠᠰᠤᠨᠪᠠᠲᠤ: ᠬᠠᠳᠤᠯᠠᠩ ᠲᠡᠵᠢᢉᠡᠯ ᢈᠡᠳᠦ ᠭᠠᠷᠬᠤ ᠪᠠᠷ ᠪᠠᠶᠢᠨ᠎ᠠ? ᠴᠢ ᠥᠨᠦᠳᠦᠷ ᠠᠵᠢᠯ ᠳ᠋ᠤ ᠪᠠᠨ ᠣᠷᠤᠭᠰᠠᠨ ᠤᠴᠢᠷ ᠠ᠋ᠴᠠ ᠮᠡᠳᠡᢉᠡ ᠨᠦ᠋ᢉᠦᠳ ᠢ᠋ᠶᠡᠨ ᠳᠠᢈᠢᠨ ᠨᠢᠭᠲᠠᠯᠠᠭᠠᠳ ᠳᠣᠣᠷ᠎ᠠ ᠪᠦᠷᠢ ᠮᠡᠳᠡᢉᠡᠯᠡᠯ ᠢ᠋ᠶᠡᠨ ᠥᢉᢉᠦᢉᠡᠷᠡᠢ᠃ ᢈᠡᠵᠡᢈᠦ ᠥᠨᠦᠳᠦᠷ ᠬᠤᠭᠤᠴᠠᠭ᠎ᠠ ᠨᠢ ᠳᠠᠭᠤᠰᠴᠤ ᠪᠠᠶᠢᠭ᠎ᠠ ᠖ ᠨᠡᢈᠡᠮᠵᠢᠯᠡᠯ ᠦ᠋ᠨ ᠢᠲᠡᢉᠡᠮᠵᠢᠯᠡᢉᠳᠡᢉᠰᠡᠨ ᠲᠥᠯᠦᢉᠡᠯᠡᢉᠴᠢ᠂ ᠶᠠᠮᠠᠷ ᠱᠠᠲᠤᠨ ᠳ᠋ᠤ ᠪᠠᠨ ᠶᠠᠪᠤᠵᠤ ᠪᠠᠶᠢᠭ᠎ᠠ᠂ ᠬᠤᠭᠤᠴᠠᠭᠠᠨ ᠳ᠋ᠤ ᠨᠢ ᠬᠠᠷᠢᠭᠤ ᠥᢉᢉᠦᢉᠰᠡᠨ ᠲᠠᠯᠠᠭᠠᠷ ᠮᠡᠳᠡᢉᠡᠯᠡᠯ ᠥᢉᢉᠦᢉᠡᠷᠡᠢ᠃ ᠘ ᠳ᠋ᠤᠭᠠᠷ ᠰᠠᠷ᠎ᠠ ᠶ᠋ᠢᠨ ᠒᠒ ᠤ᠋ᠨ ᠡᠳᠦᠷ ᠬᠣᠩᠭᠤᠷ ᠰᠤᠮᠤ ᠶ᠋ᠢᠨ ᠬᠤᠷᠠᠯ ᠤ᠋ᠨ ᠬᠤᠷᠠᠯᠳᠤᠭᠠᠨ ᠪᠣᠯᠤᠨ᠎ᠠ᠃ ᠣᠴᠢᠵᠤ ᠭᠠᠵᠠᠷ ᠢ᠋ᠶᠠᠨ ᠰᠢᠶᠢᠳᠦᢉᠦᠯᠵᠦ ᠠᠪᠤᠭᠠᠷᠠᠢ᠃ ᢉᠧᠣᠯᠤᢉᠢ᠂ ᠬᠠᠶᠢᠭᠤᠯ ᠬᠠᠭᠠᠰ ᠪᠦᠲᠦᠨ ᠰᠠᠶᠢᠨ ᠢ᠋ᠶᠠᠷ ᢈᠢᠨ᠎ᠡ ᢉᠡᠰᠡᠨ ᠶᠠᠭᠠᢈᠢᠭᠰᠠᠨ? ᠢᠲ᠋ᠾᠢ ᠤ᠋ᠨ ᠲᠡᠷᠢᢉᠦᠯᠡᢉᠴᠢᠳ ᠦ᠋ᠨ ᠬᠤᠷᠠᠯ ᠳ᠋ᠤ ᠠᠷᠠᠰᠤ ᠰᠢᠷᠢ ᠪᠣᠯᠪᠠᠰᠤᠷᠠᠭᠤᠯᠬᠤ ᠴᠣᠭᠴᠠᠯᠠᠪᠤᠷᠢ ᠦᠢᠯᠡᠳᠪᠦᠷᠢ ᠶ᠋ᠢᠨ ᠳᠦᠷᠢᠮ᠂ ᠵᠢᠷᠤᠮ ᠢ᠋ᠶᠠᠨ ᠪᠣᠯᠪᠠᠰᠤᠷᠠᠭᠤᠯᠤᠭᠠᠳ ᠬᠤᠷᠠᠯ ᠳ᠋ᠤ ᠣᠷᠤᠭᠤᠯᠤᠨ᠎ᠠ ᠰᠢᠦ᠃ ᠶᠠᠮᠠᠷ ᢈᠡᠯᠪᠡᠷᠢ ᠪᠡᠷ ᠪᠠᠶᠢᠭᠤᠯᠬᠤ ᠲᠠᠯᠠᠭᠠᠷ ᠰᠠᠭᠤᠵᠤ ᠶᠠᠷᠢᠯᠴᠠᠨ᠎ᠠ᠃ ᢉ᠃ᠠᠮᠤᠷᠪᠠᠲᠤ᠂ ᠬᠣᠬᠪᠤᠲᠤᢈᠢ᠂ ᠵᠠ ᠨᠡᠶᠢᠯᠡᠵᠦ ᠰᠠᠭᠤᠮᠠᠷ ᠪᠠᠶᠢᠨ᠎ᠠ᠃

᠒᠐᠑᠙ ᠣᠨ ᠤ᠋ ᢈᠥᠷᠦᠩᢉᠡ ᠣᠷᠤᠭᠤᠯᠤᠯᠲᠠ ᠪᠠᠷ ᠥᠪᠡᠷ ᠥᠪᠡᠷᠰᠡᠳ ᠦ᠋ᠨ ᠴᠢᢉᠯᠡᠯ ᠢ᠋ᠶᠡᠷ ᢈᠢᢉᠳᠡᢈᠦ ᠠᠵᠢᠯ ᠶᠠᠭᠤ ᠪᠠᠶᠢᠭ᠎ᠠ ᠲᠠᠯᠠᠭᠠᠷ ᠰᠠᠨᠠᠯ ᠢ᠋ᠶᠠᠨ ᠠᠪᠤᠭᠠᠷᠠᠢ᠃ ᠠᠶᠢᠮᠠᠭ ᠤ᠋ᠨ ᠳᠣᠲᠤᠷᠠᢈᠢ ᠵᠠᠮ ᠳᠡᢉᠡᠷ᠎ᠡ ᠑᠂᠕᠒ ᠒ ᠲᠡᠷᠪᠤᠮ ᠲᠥᢉᠦᠷᠢᢉ ᠲᠠᠯᠪᠢᠬᠤ ᠰᠠᠨᠠᠯ ᠲᠠᠢ ᠪᠠᠶᠢᠨ᠎ᠠ᠃ ᠡᠶᠢᠮᠦ ᠡᠴᠡ ᠬᠠᠮᠢᠭ᠎ᠠ ᠪᠠᠨ ᠡᢈᠢᠯᠡᢈᠦ ᠲᠠᠯᠠᠭᠠᠷ ᠵᠠᠮ ᠤ᠋ᠨ ᠴᠠᠭᠳᠠᠭ᠎ᠠ᠂ ᠰᠲ᠋ᠠᠲ᠋ᠢᠰᠲ᠋ᠢᠭ ᠤ᠋ᠨ ᠭᠠᠵᠠᠷ ᠲᠠᠢ ᠬᠠᠮᠲᠤᠷᠠᠭᠠᠳ ᠲᠥᠯᠦᠪᠯᠡᢉᠡ ᠭᠠᠷᠭᠠᠭᠠᠷᠠᠢ᠃ ᢈᠦᠮᠦᠨ ᠠᠮᠠ᠂ ᠮᠠᠱᠢᠨ ᠶᠡᢈᠡ ᠪᠡᠷ ᠲᠥᠪᠯᠡᠷᠡᢉᠰᠡᠨ ᠭᠠᠵᠠᠷ ᠠ᠋ᠴᠠ ᠡᢈᠢᠯᠡᢈᠦ ᠨᠢ ᠵᠥᠪ ᠦᠦ᠃

ᠫ᠃ᠪᠠᠲᠤᠰᠦ᠋ᢈᠡ: ᠯᠢᠰᠲ ᠨᠢ ᠭᠠᠷᠤᠭᠰᠠᠨ ᠪᠠᠶᠢᠭ᠎ᠠ᠃

ᠰ᠃ᠨᠠᠰᠤᠨᠪᠠᠲᠤ: ᠵᠠ᠆ ᠨᠳᠠ ᠯᠢᠰᠲ ᠢ᠋ᠶᠡᠨ ᠥᢉᢉᠦᢉᠡᠳ ᠬᠠᠮᠢᠭ᠎ᠠ ᠱᠤᠭᠤᠮ᠂ ᠬᠣᠭᠤᠯᠠᠢ ᠪᠠᠶᠢᠨ᠎ᠠ ᠦᠵᠡᢉᠦᠯᠦᢉᠡᠳ ᠨᠠᠳᠠ ᠳ᠋ᠤ ᠮᠡᠳᠡᢉᠡᠯᠡᠯᠦᢉᠡᠴᠢ᠃ ᠑᠕᠆ ᠶ᠋ᠢᠨ ᠡᠳᠦᠷ ᠡᠴᠡ ᠡᠮᠦᠨ᠎ᠡ᠃ ᠴᠢᠩᢉᠢᠰ ᠬᠠᠭᠠᠨ ᠪᠠᠩᠻᠢ ᠲᠠᠢ ᠠᠭᠤᠯᠵᠠᠪᠤᠷᠢ ᠳ᠋ᠤ ᠨᠢᠷᠤᠭᠤ ᠭᠠᠷᠭᠠᠭᠠᠳ ᠪᠠᠷᠠᠭᠤᠨ ᠭᠠᠷ ᠲᠡᠰᠢ ᠪᠡᠨ ᠡᠷᢉᠢᠳᠡᢉ ᠪᠣᠯᠭᠠᠶ᠎ᠠ ᢉᠡᠰᠡᠨ ᢈᠦᠰᠡᠯᠲᠡ ᠪᠠᠶᠢᠨ᠎ᠠ᠃ ᠡᠨᠡ ᠶ᠋ᠢ ᢈᠢᢈᠦ ᠳ᠋ᠦ ᠳᠣᠣᠷ᠎ᠠ ᠨᠢ ᠶᠠᠭᠤᠮ᠎ᠠ ᠪᠠᠶᠢᠭ᠎ᠠ ᠤᠤ? ᢉᠡᠷᠡᠯ ᠳᠣᢈᠢᠶ᠎ᠠ ᢈᠢᢈᠦ ᠦᢉᠡᠢ ᠨᠡᠮᠡᠯᠲᠡ ᠲᠡᠮᠳᠡᢉ ᢈᠢᢈᠦ ᠳ᠋ᠦ ᠪᠣᠯᠬᠤ ᠪᠠᠷ ᠪᠠᠶᠢᠨ᠎ᠠ ᢉᠡᠵᠦ “ᠣᠳᠤᠨ ᠳ᠋ᠤ” ᢈᠬᠬᠤ ᢈᠡᠯᠡᢉᠰᠡᠨ᠃ ᠵᠠᠮ ᠳᠡᢉᠡᠷ᠎ᠡ ᠳᠡᠳ᠋ ᠪᠦᠲᠦᠴᠡ ᠶ᠋ᠢᠨ ᠪᠠᠶᠢᠭᠤᠯᠤᠯᠭ᠎ᠠ ᠨᠤᠭᠤᠳ ᠠ᠋ᠴᠠ ᠵᠥᠪᠰᠢᠶᠡᠷᠡᢉᠰᠡᠨ ᠮᠡᠳᠡᢉᠳᠡᠯ ᠢ᠋ᠶᠡᠨ ᠠᠪᠤᠭᠠᠷᠠᠢ᠃ ᠙᠆ ᠷ ᠪᠠᠶᠢᠷᠢ ᢉᠡᠵᠦ ᠭᠠᠰᠢᠭᠤᠨ ᠲᠤᠷᠰᠢᠯᠭ᠎ᠠ ᠪᠠᠶᠢᠨ᠎ᠠ ᠰᠢᠦ᠃ ᠮᠧᠲ᠋ᠠᠯ ᠬᠠᠶᠢᠭᠴᠢ ᠪᠠᠨ ᠠᠪᠴᠤ ᠠᠵᠢᠯᠯᠠᠭᠤᠯᠤᠭᠠᠳ ᠪᠣᠳᠠᠲᠤ ᠪᠠᠨ ᠶᠠᠭᠤᠮ᠎ᠠ ᢈᠢᢈᠦ ᢈᠡᠷᠡᢉᠲᠡᠢ᠃ ᢈᠥᠷᠦᠩᢉᠡ ᠣᠷᠤᠭᠤᠯᠤᠯᠲᠠ ᠶ᠋ᠢᠨ ᠦᠯᠡᠳᠡᠵᠦ ᠪᠤᠢ ᠠᠵᠢᠯ ᠤ᠋ᠳ ᠢ᠋ ᠮᠠᠷᠭᠠᠰᠢ ᠶᠠᠷᠢᠨ᠎ᠠ᠃ ᠰᠤᠷᠭᠠᠭᠤᠯᠢ ᠴᠡᠴᠡᠷᠯᠢᢉ ᠦ᠋ᠳ ᠡᢈᠢᠯᠡᢈᠦ ᠲᠡᠢ ᠬᠣᠯᠪᠤᠭᠳᠠᠭᠤᠯᠤᠨ ᠵᠤᠤᠬ᠎ᠠ ᠶᠠᠩᠳᠤᠩ᠂ ᠰᠤᠷᠭᠠᠭᠤᠯᠢ᠂ ᠪᠠᠶᠢᠷᠢ᠂ ᢈᠥᠳᠡᢉᠡ ᠠᠵᠤ ᠠᠬᠤᠢ᠂ ᠬᠠᠳᠤᠯᠠᠩ ᠲᠡᠵᠢᢉᠡᠯ ᠢ᠋ᠶᠡᠨ ᠠᠩᠬᠠᠷᠴᠤ ᠠᠵᠢᠯᠯᠠᠭᠠᠷᠠᠢ᠃ ᠬᠠᠳᠤᠯᠠᠩ ᠤ᠋ᠨ ᠭᠠᠵᠠᠷ ᠢ᠋ ᠨᠢ ᠬᠤᠪᠢᠶᠠᠷᠢᠯᠠᠵᠤ ᢈᠢᠨᠠᠯᠲᠠ ᠶ᠋ᠢ ᠲᠠᠯᠪᠢᠵᠤ᠂ ᠬᠤᠪᠢᠶᠠᠷᠢ ᠶ᠋ᠢᠨ ᠳᠠᠭᠠᠭᠤ ᠬᠠᠳᠠᠭᠤᠯᠤᠭᠠᠷᠠᠢ᠃

ᠳᠠᠷᠬᠠᠨ ᠰᠤᠮᠤ ᠬᠠᠮᠢᠭ᠎ᠠ ᠠ᠋ᠴᠠ ᠬᠠᠳᠤᠯᠠᠩ ᠠᠪᠬᠤ ᠶᠤᠮ? ᢈᠡᠳᠦᠨ ᠢᠷᢉᠡᠨ ᠬᠠᠳᠤᠯᠠᠩ ᠠᠪᠬᠤ ᠪᠠᠷ ᠪᠠᠶᠢᠨ᠎ᠠ? ᠠᠯᠢ ᠰᠤᠮᠤ ᠲᠠᠢ ᢉᠡᠷ᠎ᠡ ᢈᠢᢉᠰᠡᠨ ᠪᠤᠢ? ᠨᠥᢉᠡᠴᠡ ᠶ᠋ᠢᠨ ᠬᠠᠳᠤᠯᠠᠩ ᠬᠠᠮᠢᠭ᠎ᠠ ᠠ᠋ᠴᠠ ᠠᠪᠬᠤ ᠪᠤᠢ? ᠘ ᠰᠠᠷ᠎ᠠ ᠶ᠋ᠢᠨ ᠒᠐ ᠨ ᠤ᠋ ᠰᠢᠭᠤᠷᠬᠠᠢ ᠠ᠋ᠴᠠ ᠡᠮᠦᠨ᠎ᠡ ᠬᠠᠳᠤᠯᠠᠩ ᠤ᠋ᠨ ᠲᠥᠯᠦᠪᠯᠡᢉᠡ ᠶ᠋ᠢ ᠭᠠᠷᠭᠠᠭᠠᠷᠠᠢ᠃

᠐᠘᠂᠑᠕᠆ ᠶ᠋ᠢᠨ ᠡᠳᠦᠷ ᢉᠡᢈᠦ ᠳ᠋ᠦ ᠠᠶᠢᠮᠠᠭ ᠤ᠋ᠨ ᠵᠠᠰᠠᠭ ᠳᠠᠷᠤᠭ᠎ᠠ ᠶ᠋ᠢᠨ ᠒ ᠣᠷᠤᠯᠠᠭᠴᠢ᠂ ᠣᠷᠬᠤᠨ ᠰᠤᠮᠤ ᠶ᠋ᠢᠨ ᠵᠠᠰᠠᠭ ᠳᠠᠷᠤᠭ᠎ᠠ ᠪ᠃ᠠᠯᠲᠠᠨᠰᠠᠷᠠᠨᠠᠢ᠂ ᠳᠠᠷᠬᠠᠨ ᠰᠤᠮᠤ ᠶ᠋ᠢᠨ ᠵᠠᠰᠠᠭ ᠳᠠᠷᠤᠭ᠎ᠠ ᠪ᠃ᠠᠵᠠᠵᠢᠷᠭᠠᠯ ᠨᠠᠷᠠ ᠶ᠋ᠢ ᠠᠵᠢᠯ ᠳ᠋ᠤ ᠪᠠᠨ ᠣᠷᠤᠬᠤ ᠲᠤᠬᠠᠢ ᠡᢉᠦᠷᢉᠡ ᠥᢉᢉᠦᢉᠡᠷᠡᠢ᠃

ᠵᠠ ᠡᠪᠦᠯᠵᠢᠯᠲᠡ ᠶ᠋ᠢᠨ ᠪᠡᠯᠡᠳᢈᠡᠯ ᠲᠡᠢ ᠬᠣᠯᠪᠤᠭᠳᠠᠭᠤᠯᠤᠨ ᠲᠠᠷᠠᠭᠠᠵᠤ ᠥᢉᢉᠦᢉᠰᠡᠨ ᠮᠥᠩᢉᠦ᠂ ᠵᠠᠰᠠᠪᠤᠷᠢ ᠦᠶᠢᠯᠡᠴᠢᠯᠡᢉᠡ ᠨᠦ᠋ᢉᠦᠳ ᠶᠠᠭᠤ ᠪᠣᠯᠵᠤ ᠪᠠᠶᠢᠭ᠎ᠠ ᠲᠠᠯᠠᠭᠠᠷ ᠮᠡᠳᠡᢉᠡᠯᠡᠯ ᠪᠡᠯᠡᠳᢈᠡᢉᠡᠳ ᠮᠠᠷᠭᠠᠰᠢ ᠥᠷᠯᠦᢉᠡ ᠬᠤᠷᠠᠯ ᠳᠡᢉᠡᠷ᠎ᠡ ᠲᠠᠨᠢᠯᠴᠠᠭᠤᠯᠤᠭᠠᠷᠠᠢ᠃ ᠰᠢᠷ᠎ᠠ ᠶ᠋ᠢᠨ ᠭᠣᠣᠯ ᠤ᠋ᠨ ᠳᠣᠲᠤᠭᠤᠷ ᠪᠠᠶᠢᠷᠢ ᠰᠢᠨ᠎ᠡ ᠪᠠᠶᠢᠷᠢ ᠰᠢᠦ᠃ ᢈᠡᠦᢈᠡᠳ ᠢ᠋ᠶᠡᠨ ᠪᠦᠷᠢᠳᢈᠡᢉᠡᠳ ᠪᠠᠶᠢᠨ᠎ᠠ᠃ ᠻᠣᠮᠢᠰᠰ ᠠᠪᠤᠭᠰᠠᠨ ᠶᠤᠮ ᠤᠤ? ᠪᠠᠬᠠᠨ ᢈᠡᠦᢈᠡᠳ ᠠᠪᠳᠠᠭ᠃ ᠪᠠᠶᠢᠷᠢ ᠨᠢ ᢈᠥᠯᠳᠡᢈᠦ ᠪᠤᠢ ᠳ᠋ᠡ᠃ ᢈᠥᠯᠳᠡᠯᠲᠡ ᠶ᠋ᠢᠨ ᠪᠠᠶᠢᠷᠢ ᠶ᠋ᠢ ᠨᠢ ᠳᠣᠭᠤᠭᠰᠢᠯᠠᠭᠤᠯᠤᠨ᠎ᠠ ᢉᠡᠰᠡᠨ ᠶᠠᠭᠠᢈᠢᠭᠰᠠᠨ?

ᠡ᠃ᠷᠠᠪᠵᠠᠶᠢᠳᠡᠯᢉᠡᠷᠡᢈᠦ: ᢈᠢᢉᠳᠡᢉᠡ ᠦᢉᠡᠢ᠃

ᠨᠪᢈᠢ ᠰᠤᠷᠭᠠᠭᠤᠯᠢ ᠴᠡᠴᠡᠷᠯᠢᢉ ᠦ᠋ᠨ ᠡᠪᠦᠯᠵᠢᠯᠲᠡ ᠶ᠋ᠢᠨ ᠪᠡᠯᠡᠳᢈᠡᠯ ᠳᠡᢉᠡᠷ᠎ᠡ ᠬᠣᠬᠪᠤᠳᠬ᠎ᠠ ᠲᠡᠢ ᠬᠠᠮᠲᠤᠷᠠᠵᠤ ᠠᠵᠢᠯᠯᠠᠭᠠᠷᠠᠢ᠃ ᠲᠠᠷᠠᠭᠠᠭᠳᠠᠬᠤ ᢈᠢᠴᠢᠶᠡᠯ ᠦ᠋ᠨ ᢈᠡᠷᠡᢉᠰᠡᠯ ᢈᠦᠷᠲᠡᢉᠡᠮᠵᠢ ᠮᠠᠭᠤᠲᠠᠢ᠃ ᠤᠷᠢᠳᠴᠢᠯᠠᠵᠤ ᠣᠴᠢᠭᠠᠳ ᠠᠪᠤᠭᠠᠷᠠᠢ᠃

ᠪ᠃ᠡᠩᢈᠡᠴᠡᠴᠡᢉ: ᠑᠕ ᠳ᠋ᠤᠭᠠᠷ ᠰᠤᠷᠭᠠᠭᠤᠯᠢ ᠶ᠋ᠢᠨ ᠳᠡᢉᠡᠪᠦᠷ ᠵᠠᠰᠠᠪᠤᠷᠢ ᠶ᠋ᠢᠨ ᠠᠰᠠᠭᠤᠳᠠᠯ ᠢ᠋ᠶᠠᠷ ᠲᠠᠨ ᠳ᠋ᠤ ᠮᠡᠳᠡᢉᠡᠯᠡᠯ ᠣᠴᠢᠭᠰᠠᠨ ᠤᠤ?

ᠰ᠃ᠨᠠᠰᠤᠨᠪᠠᠲᠤ: ᠣᠶᠢᠯᠠᠭᠠᠯᠤᠭ᠎ᠠ᠃ ᠳᠡᢉᠡᠪᠦᠷ ᠵᠠᠰᠠᠪᠤᠷᠢ ᠶ᠋ᠢᠨ ᠵᠠᠷᠤᠳᠠᠯ ᠢ᠋ ᠒᠐᠑᠙ ᠣᠨ ᠤ᠋ ᠵᠠᠰᠠᠪᠤᠷᠢ ᠶ᠋ᠢᠨ ᠲᠥᠰᠦᠪ ᠲᠦ ᠰᠠᠭᠤᠯᠭᠠᠭᠤᠯᠬᠤ ᠲᠠᠯ᠎ᠠ ᠳᠡᢉᠡᠷ᠎ᠡ ᠬᠣᠬᠤᠪᠲᠤᢈᠢ ᢈᠥᢉᠡᢉᠡᠴᠡᠯᠳᠦᢈᠦ ᢈᠡᠷᠡᢉᠲᠡᠢ ᠪᠠᠶᠢᠨ᠎ᠠ᠃ ᠮᠡᠳᠡᢉᠡ ᠮᠡᠳᠡᢉᠡᠯᠡᠯ ᠦ᠋ᠳ ᠢ᠋ ᠲᠣᠪᠴᠢ ᠲᠣᠳᠤᠷᠬᠠᠢ᠂ ᠲᠣᠭ᠎ᠠ ᠪᠠᠷᠢᠮᠲᠠ ᠲᠠᠢ ᠶᠠᠭᠤᠮ᠎ᠠ ᠪᠡᠯᠡᠳᠴᠦ ᠣᠷᠤᠵᠤ ᠢᠷᠡᢉᠡᠷᠡᠢ᠃

ᠣᠴᠢᠭᠰᠠᠨ ᠠᠵᠢᠯ ᠤ᠋ᠨ ᢈᠡᠰᠡᢉ ᢉᠦᠶᠢᠴᠡᠳᢈᠡᠯ ᠦ᠋ᠳ ᠲᠡᠢ ᠲᠠᠨᠢᠯᠴᠠᠭᠠᠳ ᠰᠢᠶᠢᠳᠪᠦᠷᠢ ᠭᠠᠷᠭᠠᠭᠠᠷᠠᠢ᠃ ᠠᠰᠠᠭᠤᠳᠠᠯ ᠰᠢᠶᠢᠳᢈᠦ ᠦᢉᠡᠢ ᠤᠴᠢᠷ ᠠ᠋ᠴᠠ ᠠᠵᠢᠯ ᠶᠠᠪᠤᠬᠤ ᠦᢉᠡᠢ ᠪᠠᠶᠢᠨ᠎ᠠ᠃ ᠠᠰᠠᠭᠤᠳᠠᠯ ᠤ᠋ᠳ ᠢ᠋ᠶᠠᠨ ᠪᠢᠴᠢᠵᠦ ᠠᠪᠤᠭᠠᠳ ᠨᠠᠳᠠ ᠳ᠋ᠤ ᠬᠠᠮᠢᠭ᠎ᠠ ᠶᠠᠮᠠᠷ ᠪᠢᠴᠢᢉ ᠶᠠᠪᠤᠭᠤᠯᠬᠤ ᠲᠠᠯᠠᠭᠠᠷ ᠮᠡᠳᠡᢉᠡᠯᠯᠡᠵᠦ ᠪᠠᠢ᠃ ᠰᠢᠶᠢᠳᠦᠯ ᠭᠠᠷᠭᠠᠬᠤ ᠶᠣᠰᠤ ᠲᠠᠢ᠃ ᠵᠠᠮ ᠤ᠋ᠨ ᢈᠥᠳᠡᠯᢉᠡᢉᠡᠨ ᠦ᠋ ᠠᠶᠤᠯ ᠦᢉᠡᠢ ᠪᠠᠶᠢᠳᠠᠯ ᠤ᠋ᠨ ᠲᠠᠯ᠎ᠠ ᠪᠠᠷ ᠢᠷᠡᢈᠦ ᠗ ᠬᠣᠨᠤᠭ ᠲᠤ ᠶᠠᠷᠢᠨ᠎ᠠ᠃

ᠰᠤᠮᠤ ᠳ᠋ᠤ ᠡᠪᠦᠯᠵᠢᠯᠲᠡ ᠶ᠋ᠢᠨ ᠪᠡᠯᠡᠳᢈᠡᠯ ᠳ᠋ᠦ ᠪᠡᠨ ᠠᠩᠬᠠᠷᠤᠭᠠᠷᠠᠢ᠃

ᠨᠪᠬ᠎ᠠ ᠲᠥᠰᠦᠯ ᠦ᠋ᠨ ᠰᠠᠩᢈᠦᠵᠢᠯᠲᠡ ᠨᠦ᠋ᢉᠦᠳ ᠦ᠋ᠨ ᠮᠡᠳᠡᢉᠡᠯᠡᠯ ᠢ᠋ ᠬᠣᠬᠤᠪᠲᠤᠬᠤ ᠡᠴᠡ ᠠᠪᠴᠤ ᠨᠢᢉᠡ ᠪᠦᠷᠢᠴᠢᠯᠡᠨ ᢈᠦᠮᠦᠰ ᠬᠤᠪᠢᠶᠠᠷᠢᠯᠠᠭᠠᠳ ᠥᠮᠴᠢ ᠲᠡᠢ ᠬᠠᠮᠲᠤᠷᠠᠭᠠᠳ ᢈᠡᠷᠡᢉᠵᠢᠯᠲᠡ ᠶ᠋ᠢ ᠨᠢ ᠦᠵᠡᢉᠡᠷᠡᠢ᠃ ᠑᠕᠔ ᠰᠠᠶ᠎ᠠ ᠲᠥᢉᠦᠷᠢᢉ ᠢ᠋ ᠬᠤᠪᠢᠶᠠᠭᠠᠳ ᠥᢉᢉᠦᢉᠰᠡᠨ᠃ ᠴᠤ᠃ᠡᠩᢈᠡᠪᠠᠲᠤ ᠳᠠᠷᠤᠭ᠎ᠠ ᠲᠠ ᠨᠪ‍᠂ ᠆ ᠤ᠋ᠨ ᠳᠠᠷᠤᠭ᠎ᠠ ᠠᠬᠠᠯᠠᠭᠴᠢ ᠲᠠᠢ᠂ ᠬᠣᠬᠪᠤᠲᠤ᠂ ᠰᠲ᠋ᠰᠾ᠂ ᠣᠨᠤᠭ ᢉᠡᠰᠡᠨ ᠕ ᢈᠦᠮᠦᠨ ᠦ᠋ ᠪᠦᠷᠢᠯᠳᠦᢈᠦᠨ ᠲᠡᠢ ᠠᠵᠢᠯ ᠤ᠋ᠨ ᢈᠡᠰᠡᢉ ᠭᠠᠷᠭᠠᠭᠠᠷᠠᠢ᠃

ᠰᠢᠶᠢᠳᠪᠦᠷᠢᠯᠡᢉᠰᠡᠨ ᠨᠢ:

ᢈᠡᠯᠲᠡᠰ᠂ ᠠᠯᠪᠠᠳ᠂ ᠰᠤᠮᠤ ᠳ᠋ᠤ ᠪᠦᠷᠢ ᠬᠤᠷᠠᠯ ᠢ᠋ᠶᠠᠷ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢ ᠪᠡᠶᠡᠯᠡᢉᠦᠯᠵᠦ᠂ ᢈᠡᠷᠡᢉᠵᠢᠯᠲᠡ ᠶ᠋ᠢ ᠢᠷᠡᢈᠦ ᠗ ᠬᠣᠨᠤᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠳᠡᢉᠡᠷ᠎ᠡ ᠲᠠᠨᠢᠯᠴᠠᠭᠤᠯᠬᠤ ᠪᠠᠷ ᠪᠣᠯᠤᠯ᠎ᠠ᠃

ᠬᠤᠷᠠᠯ ᠐᠙᠂᠔᠕ ᠴᠠᠭ ᠲᠤ ᠳᠠᠭᠤᠰᠪᠠ᠃