᠒᠐᠑᠘᠂᠐᠗᠂᠑᠖ ᠨ ᠤ᠋ ᠡᠳᠦᠷ ᠦ᠋ᠨ ᠰᠢᠭᠤᠷᠬᠠᠢ ᠬᠤᠷᠠᠯ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠗ ᠳ᠋ᠤᠭᠠᠷ ᠰᠠᠷ᠎ᠠ ᠶ᠋ᠢᠨ ᠑᠖               № ᠒᠓                                                ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠗ ᠳ᠋ᠤᠭᠠᠷ ᠰᠠᠷ᠎ᠠ ᠶ᠋ᠢᠨ ᠑᠖ᠶ᠎ᠠ ᠶ᠋ᠢᠨ ᠡᠳᠦᠷ ᠦ᠋ᠨ ᠐᠙ ᠴᠠᠭ ᠐᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠶ᠋ᠢᠨ ᠣᠷᠤᠯᠠᠭᠴᠢ ᠲᠥ᠃ᠭᠠᠩᠪᠣᠯᠤᠳ ᠤᠳᠤᠷᠢᠳᠴᠤ᠂ ᠬᠤᠷᠠᠯ ᠳ᠋ᠤ ᠨᠡᠶᠢᠲᠡ ᠑᠒ ᠤᠳᠤᠷᠢᠳᠬᠤ ᠠᠯᠪᠠᠨ ᠲᠤᠰᠢᠶᠠᠯᠲᠠᠨ ᠨᠤᠭᠤᠳ ᠣᠷᠤᠯᠴᠠᠵᠤ ᠬᠤᠷᠠᠯᠳᠤᠭᠠᠨ ᠤ᠋ ᠢᠷᠡᠴᠡ ᠗᠕᠂᠐ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ ᠦ᠋ᠨ ᠳᠠᠷᠤᠭ᠎ᠠ ᠨᠠᠷ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯᠳᠤᠭᠠᠨ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ:

 

ᠠᠶᠢᠮᠠᠭ ᠤ᠋ᠨ ᠵᠠᠰᠠᠭ ᠳᠠᠷᠤᠭ᠎ᠠ ᠶ᠋ᠢᠨ ᠣᠷᠤᠯᠠᠭᠴᠢ ᠲᠥ᠃ᠭᠠᠩᠪᠣᠯᠤᠳ

№ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠬᠠᠷᠢᠭᠤᠴᠠᠬᠤ ᠡᠵᠡᠨ
᠑᠃ ᠪᠣᠷᠤᠭ᠎ᠠ ᠶᠡᢈᠡ ᠣᠷᠤᠭᠰᠠᠨ ᠲᠤᠯᠠ ᠦᠶᠡᠷ ᠦ᠋ᠨ ᠳᠠᠯᠠᠩ ᠱᠤᠭᠤᠮ ᠤ᠋ᠳ ᠢ᠋ ᠦᠵᠡᢈᠦ ᠮᠥᠨ ᠴᠡᠴᠡᠷᠯᠢᢉ᠂ ᠰᠤᠷᠭᠠᠭᠤᠯᠢ ᠶ᠋ᠢᠨ ᠳᠡᢉᠡᠪᠦᠷ ᠡᠴᠡ ᠤᠰᠤ ᠣᠷᠤᠭᠰᠠᠨ ᠲᠤᠯᠠ ᠭᠠᠵᠠᠷ ᠳᠡᢉᠡᠷ᠎ᠡ ᠨᠢ ᠣᠴᠢᠵᠤ ᠦᠵᠡᢈᠦ᠂ ᠳᠠᢈᠢᠵᠤ ᠶᠡᢈᠡ ᢈᠡᠮᠵᠢᠶ᠎ᠡ ᠪᠡᠷ ᠪᠣᠷᠤᠭ᠎ᠠ ᠣᠷᠤᠬᠤ ᠳ᠋ᠤ ᠬᠠᠮᠢᠭ᠎ᠠ ᠡᠷᠦᠰᠳᠡᠯ ᠪᠠᠶᠢᠭ᠎ᠠ ᠶ᠋ᠢ ᠲᠣᠭᠠᠴᠠᠬᠤ ᠵᠠ᠂ ᠬᠣᠬᠤᠪᠲᠤᠬᠤ
᠒᠃ ᠡᠪᠦᠯᠵᠢᠯᠲᠡ ᠶ᠋ᠢᠨ ᠪᠡᠯᠡᠳᢈᠡᠯ ᠠᠵᠢᠯ ᠤ᠋ᠨ ᠲᠥᠯᠦᠪᠯᠡᢉᠡ ᠶ᠋ᠢ ᠰᠤᠮᠤᠳ ᠤ᠋ᠨ ᠳᠠᠷᠤᠭ᠎ᠠ ᠨᠠᠷ ᠪᠣᠯᠤᠨ ᠰᠦᠯᠵᠢᠶ᠎ᠡ᠂ ᠳᠡᠳ᠋ ᠪᠦᠲᠦᠴᠡ ᠶ᠋ᠢᠨ ᠪᠠᠶᠢᠭᠤᠯᠤᠯᠭ᠎ᠠ ᠨᠤᠭᠤᠳ ᠤᠷᠤᠭᠤ ᠠᠯᠪᠠᠨ ᠪᠢᠴᠢᢉ ᠢ᠋ᠶᠡᠷ ᠡᠨᠡ ᠗ ᠬᠣᠨᠤᠭ ᠲᠤ ᠪᠠᠭᠲᠠᠭᠠᠵᠤ ᢈᠦᠷᢉᠡᢉᠦᠯᢈᠦ
᠓᠃ ᠰᠢᠷ᠎ᠠ ᠶ᠋ᠢᠨ ᠭᠣᠣᠯ᠂ ᠣᠷᠬᠤᠨ ᠰᠤᠮᠤ ᠶ᠋ᠢᠨ ᠡᠷᠡᢉᠦᠯ ᠮᠡᠨᠳᠦ ᠶ᠋ᠢᠨ ᠭᠠᠵᠠᠷ᠂ ᠘᠆ ᠷ ᠴᠡᠴᠡᠷᠯᠢᢉ ᠠᠭᠤᠷ ᠤ᠋ᠨ ᠵᠤᠤᠬ᠎ᠠ ᠶ᠋ᠢᠨ ᠲᠧᠨᠳᠧᠷ ᠵᠠᠷᠯᠠᠬᠤ ᠬᠣᠬᠠᠪᠲᠤᠬᠤ
᠔᠃ ᠡᠷᠴᠢᠮᠵᠢᢉᠰᠡᠨ ᠮᠠᠯ ᠠᠵᠤ ᠠᠬᠤᠢ ᠶ᠋ᠢᠨ ᠲᠧᠨ᠋ᠳᠧᠷ ᠢ᠋ ᠡᠨᠡ ᠗ ᠬᠣᠨᠤᠭ ᠲᠤ ᠵᠠᠷᠯᠠᠬᠤ᠂ ᠪᠢᠴᠢᢉ ᠪᠠᠷᠢᠮᠲᠠ ᠶ᠋ᠢ ᠨᠢ ᠣᠨᠤᠭ ᠲᠤ ᠥᢉᢈᠦ
᠕᠃ ᠲᠣᠮᠤᠬᠠᠨ ᠲᠧᠨᠳᠧᠷ ᠦ᠋ᠳ ᠢ᠋ ᠳᠠᢈᠢᠵᠤ ᠵᠠᠷᠯᠠᠬᠤ
᠖᠃ ᠤᠢᠬ᠎ᠠ ᠤ᠋ᠨ ᢉᠡᠰᠢᢉᠦᠨ ᠪ᠃ᠪᠠᠲᠤᠲᠡᠮᠦᠷᠲᠦ ᢈᠥᠷᠦᠩᢉᠡ ᠣᠷᠤᠭᠤᠯᠤᠯᠲᠠ ᠶ᠋ᠢᠨ ᠵᠢᠭᠰᠠᠭᠠᠯᠲᠠ ᠶ᠋ᠢ ᠠᠯᠪᠠᠨ ᠪᠢᠴᠢᢉ ᠢ᠋ᠶᠡᠷ ᠶᠠᠪᠤᠭᠤᠯᠬᠤ
᠗᠃ ᢈᠥᠯ ᠪᠥᠮᠪᠦᢉᠡ ᠶ᠋ᠢᠨ ᠲᠡᠮᠡᠴᠡᢉᠡᠨ ᠳᠠᠭᠤᠰᠤᠭᠰᠠᠨ ᠲᠤᠯᠠ ᠭᠠᠷᠳᠧᠨ᠂ ᠫᠠᠸᠢᠯᠢᠶᠤᠨ ᠪᠠᠭᠤᠯᠭᠠᠬᠤ
᠘᠃ ᠸᠠᠻᠴᠢᠨ᠋ᠵᠢᠭᠤᠯᠤᠯᠲᠠ ᠶ᠋ᠢᠨ ᠠᠵᠢᠯ ᠢ᠋ ᠬᠠᠮᠢᠭ᠎ᠠ ᠭᠠᠵᠠᠷ ᠲᠠᠢ ᠬᠠᠮᠲᠤᠷᠠᠵᠤ ᢈᠢᢈᠦ ᠡᠪᠦᠯᠵᠢᠶ᠎ᠡ ᠬᠠᠪᠤᠷᠵᠢᠶᠠᠨ ᠤ᠋ ᠭᠠᠵᠠᠷ ᠢ᠋ ᠬᠠᠯᠳᠠᠪᠤᠷᠢᢉᠦᠶᠢᠵᠢᢉᠦᠯᠦᠯᠲᠡ ᠶ᠋ᠢᠨ ᠠᠷᠢᠭᠤᠳᠬᠠᠯᠲᠠ ᢈᠢᢈᠦ
᠙᠃ ᠠᠷᠢᢈᠢᠨ ᠤ᠋ ᠡᠮᠴᠢᠯᠡᢉᠡᠨ ᠳ᠋ᠦ ᠶᠠᠪᠤᠭᠰᠠᠨ ᠪᠣᠯᠤᠨ ᠶᠠᠪᠤᠬᠤ ᢈᠦᠮᠦᠰ ᠦ᠋ᠨ ᠮᠠᠲ᠋ᠧᠷᠢᠠᠯ ᠢ᠋ ᠪᠦᠷᠢᠳᠦᢉᠦᠯᢈᠦ ᠮᠥᠨ ᠢᠲᠡᢈᠡ ᠶᠠᠨ ᠲᠥᠯᠦᢉᠡᠯᠡᢉᠴᠢ ᠡᠩᢈᠡᠴᠢᠯᠠᠭᠤᠨ᠂ ᠡᠷᠳᠡᠨᠢᠰᠦ᠋ᢈᠡ᠂ ᠔᠆ ᠷ ᠪᠠᠭ ᠤ᠋ᠨ ᠳᠠᠷᠤᠭ᠎ᠠ ᠲᠣᠭᠤᠷᠢᠭ ᠠ᠋ᠴᠠ ᠪᠠᠨ ᠶᠠᠪᠤᠭᠤᠯᠬᠤ ᢈᠦᠮᠦᠰ ᠪᠠᠶᠢᠨ᠎ᠠ ᢉᠡᢉᠰᠡᠨ ᠲᠤᠯᠠ ᠬᠣᠯᠪᠤᠭᠳᠠᠬᠤ ᢈᠡᠵᠡᢈᠦ
᠑᠐᠃ ᠮᠠᠯ ᠪᠦᢈᠦᠢ ᠢᠷᢉᠡᠳ ᠢ᠋ ᠭᠠᠷᠭᠠᠬᠤ ᠠᠰᠠᠭᠤᠳᠠᠯ ᠤ᠋ᠨ ᠳ᠋ᠦᠩᠨᠡᠯᠲᠡ ᠪᠡᠨ ᠭᠠᠷᠭᠠᠬᠤ
᠑᠑᠃ ᠮᠤᠤᠷ ᠨᠣᠬᠠᠢ ᠶ᠋ᠢᠨ ᢈᠡᠯᠡᠯᠴᠡᢉᠦᠯᢉᠡ ᠶ᠋ᠢᠨ ᠳ᠋ᠦᠩᠨᠡᠯᠲᠡ ᠪᠡᠨ ᠨᠢᢉᠡᠳᢈᠡᠵᠦ ᠲᠠᠨᠢᠯᠴᠠᠭᠤᠯᠬᠤ

᠑᠒᠃ ᠮᠠᠯ ᠤ᠋ᠨ ᠤᠳᠤᠮ ᠤ᠋ᠨ ᠰᠠᠩ ᠤ᠋ᠨ ᠦᠨᠳᠦᠰᠦᠨ ᠦ᠋ ᠴᠣᠭᠴᠠᠯᠠᠪᠤᠷᠢ ᠳ᠋ᠤ ᠪᠢᠴᠢᢉ ᠶᠠᠪᠤᠭᠤᠯᠬᠤ ᠬᠣᠬᠠᠪᠲᠤᠬᠤ
᠑᠓᠃ ᢈᠥᠷᠦᠩᢉᠡ ᠣᠷᠤᠭᠤᠯᠤᠯᠲᠠ ᠶ᠋ᠢᠨ ᠠᠵᠢᠯ ᠤ᠋ᠳ ᠤ᠋ᠨ ᠵᠢᠭᠰᠠᠭᠠᠯᠲᠠ ᠭᠠᠷᠭᠠᠵᠤ ᠶᠠᠪᠤᠵᠤ ᠦᠵᠡᢈᠦ
᠑᠔᠃ “ᠵᠢᢉᠦᠷ” ᠴᠣᠭᠴᠠᠯᠠᠪᠤᠷᠢ ᠰᠤᠷᠭᠠᠭᠤᠯᠢ ᠶ᠋ᠢᠨ ᠲᠧᠨᠳᠧᠷ ᠦ᠋ᠨ ᠮᠠᠲ᠋ᠧᠷᠢᠠᠯ ᠤ᠋ᠨ ᠱᠠᠭᠠᠷᠳᠠᠯᠭ᠎ᠠ ᠲᠠᠢ ᠪᠢᠴᠢᢉ ᠪᠠᠷᠢᠮᠲᠠ ᠶ᠋ᠢ ᠪᠦᠷᠢᠳᠦᢉᠦᠯᠵᠦ ᠥᢉᢈᠦ ᠨᠪᠬ᠎ᠠ
᠑᠕᠃ ᠠᠶᠢᠮᠠᠭ ᠤ᠋ᠨ ᠢᠲ᠋ᠾᠢ ᠶ᠋ᠢᠨ ᠲᠡᠷᠢᢉᠦᠯᠡᢉᠴᠢᠳ ᠦ᠋ᠨ ᠬᠤᠷᠠᠯ ᠡᠨᠡ ᠰᠠᠷ᠎ᠠ ᠳ᠋ᠤ ᠬᠤᠷᠠᠯᠳᠤᠬᠤ ᠪᠣᠯ ᠵᠠᠰᠠᠭ ᠳᠠᠷᠤᠭ᠎ᠠ ᠶ᠋ᠢᠨ ᠵᠥᠪᠯᠡᠯ ᠦ᠋ᠨ ᠬᠤᠷᠠᠯ ᠳ᠋ᠤ ᢈᠡᠯᠡᠯᠴᠡᢈᠦ ᠠᠰᠠᠭᠤᠳᠠᠯ ᠢ᠋ ᠪᠡᠯᠡᠳᢈᠦ ᠲᠠᠤᠬ᠎ᠠ
᠑᠖᠃ ᠰᠤᠮᠤ᠂ ᠠᢉᠧᠨᠲ᠋ᠯᠢᠭ ᠤ᠋ᠨ ᠳᠠᠷᠤᠭ᠎ᠠ ᠨᠠᠷ ᠤ᠋ᠨ ᠡᢉᠡᠯᠵᠢ ᠶ᠋ᠢᠨ ᠠᠮᠠᠷᠠᠯᠲᠠ ᠶ᠋ᠢᠨ ᠵᠢᠭᠰᠠᠭᠠᠯᠲᠠ ᠪᠣᠯᠤᠨ ᠣᠷᠤᠯᠠᠵᠤ ᠪᠠᠶᠢᠭ᠎ᠠ ᢈᠦᠮᠦᠨ ᠢ᠋ ᠲᠠᠨᠢᠯᠴᠠᠭᠤᠯᠬᠤ
᠑᠗᠃ ᢈᠡᠯᠲᠡᠰ ᠦ᠋ᠨ ᠳᠠᠷᠤᠭ᠎ᠠ ᠨᠠᠷ ᠠᠵᠢᠯ ᠳᠤᠲᠠᠭᠤ ᠣᠷᢈᠢᠵᠤ ᠠᠮᠠᠷᠠᠬᠤ ᠦᢉᠡᠢ ᢉᠡᠳᠡᢉ ᠢ᠋ ᠠᠩᠬᠠᠷᠤᠭᠤᠯᠬᠤ
᠑᠘᠃ ᠠᠶᠢᠮᠠᠭ ᠤ᠋ᠨ ᠠᠷᢈᠢᠸ ᠢ᠋ ᠰᠢᠬᠠᠵᠤ ᠠᠵᠢᠯᠯᠠᠭᠤᠯᠬᠤ᠂ ᠪᠠᠶᠢᠭᠤᠯᠤᠯᠭ᠎ᠠ ᠶ᠋ᠢᠨ ᠠᠷᢈᠢᠸ ᠠ᠋ᠴᠠ ᠠᠶᠢᠮᠠᠭ ᠤ᠋ᠨ ᠠᠷᢈᠢᠸ ᠲᠤ ᠮᠠᠲ᠋ᠧᠷᠢᠠᠯ ᠢ᠋ᠶᠠᠨ ᠥᢉᢈᠦ᠂ ᠮᠡᠷᢉᠡᠵᠢᠯᠲᠡᠨ ᠨᠦ᠋ᢉᠦᠳ ᠡᠴᠡ ᠮᠠᠲ᠋ᠧᠷᠢᠠᠯ ᠠᠪᠤᠭᠠᠳ ᠪᠠᠶᠢᠭᠤᠯᠤᠯᠭ᠎ᠠ ᠶ᠋ᠢᠨ ᠠᠷᢈᠢᠸ ᠲᠤ ᠥᢉᢈᠦ ᠮᠥᠨ ᠤᠰᠠᠳᠬᠠᠬᠤ ᠮᠠᠲ᠋ᠧᠷᠢᠠᠯ ᠤ᠋ᠳ ᠢ᠋ ᠤᠰᠠᠳᠬᠠᠬᠤ ᢈᠡᠵᠡᢈᠦ
᠑᠙᠃ ᠵᠢᠳᠬᠤ ᠶ᠋ᠢᠨ ᠳᠣᠲᠤᠭᠠᠳᠤ ᠵᠠᠷᠤᠳᠠᠯ ᠢ᠋ ᠲᠠᠮᠠᠭ᠎ᠠ ᠶ᠋ᠢᠨ ᠳᠠᠷᠤᠭ᠎ᠠ ᠲᠠᠢ ᠶᠠᠷᠢᠬᠤ ᠨᠢᢉᠦ
᠒᠐᠃ ᠣᠷᠬᠤᠨ ᠰᠤᠮᠤ ᠶ᠋ᠢᠨ ᠣᠢ ᠳ᠋ᠤ ᠠᠶᠢᠮᠠᠭ ᠠ᠋ᠴᠠ ᠲᠤᠰᠠᠯᠠᠵᠤ ᠳᠡᠮᠵᠢᠵᠦ ᠬᠠᠮᠲᠤᠷᠠᠵᠤ ᠠᠵᠢᠯᠯᠠᠬᠤ᠂ ᠠᠯᠲᠠᠨᠰᠠᠷᠠᠨᠠᠢ ᠳᠠᠷᠤᠭ᠎ᠠ ᠰᠠᠨᠠᠯ ᠢ᠋ᠶᠠᠨ ᠠᠶᠢᠮᠠᠭ ᠲᠤ ᠪᠠᠨ ᢈᠡᠯᠡᢉᠡᠷᠡᠢ
᠒᠑᠃ ᠨᠠᠭᠠᠳᠤᠮ ᠤ᠋ᠨ ᠵᠠᠷᠤᠳᠠᠯ ᠤ᠋ᠨ ᠰᠠᠩᢈᠦᠦ ᠶ᠋ᠢᠨ ᠲᠠᠶᠢᠯᠤᠨ ᠢ᠋ ᠠᠪᠴᠤ ᠲᠠᠨᠢᠯᠴᠠᠭᠤᠯᠬᠤ ᠨᠢᢉᠦ

ᠲᠠᠨᠢᠯᠴᠠᠭᠰᠠᠨ:

ᠵᠠᠰᠠᠭ ᠳᠠᠷᠤᠭ᠎ᠠ ᠶ᠋ᠢᠨ ᠣᠷᠤᠯᠠᠭᠴᠢ ᠲᠥ᠃ᠭᠠᠩᠪᠣᠯᠤᠳ

ᢈᠢᠨᠠᠭᠰᠠᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ

ᠨᠢᢉᠡᠳᢈᠡᢉᠰᠡᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠮᠡᠷᢉᠡᠵᠢᠯᠲᠡᠨ ᠶᠠ᠃ᢉᠡᠷᠡᠯᠰᠦ᠋ᢈᠡ