᠒᠐᠑᠘᠂᠐᠕᠂᠒᠑ ᠶ᠋ᠢᠨ ᠡᠳᠦᠷ ᠦ᠋ᠨ ᠰᠢᠭᠤᠷᠬᠠᠢ ᠬᠤᠷᠠᠯ ᠤ᠋ᠨ ᠲᠡᠮᠳᠡᢉᠯᠡᠯ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠤ᠋ᠨ ᠲᠡᠮᠳᠡᢉᠯᠡᠯ

᠒᠐᠑᠘ ᠣᠨ ᠤ᠋ ᠐᠕ ᠳ᠋ᠤᠭᠠᠷ ᠰᠠᠷ᠎ᠠ ᠶ᠋ᠢᠨ ᠒᠑ № ᠑᠗ ᠳᠠᠷᠬᠠᠨ ᠠᠭᠤᠯᠠ ᠠᠶᠢᠮᠠᠭ

ᠠᠶᠢᠮᠠᠭ ᠤ᠋ᠨ ᠵᠠᠰᠠᠭ ᠳᠠᠷᠤᠭ᠎ᠠ ᠶ᠋ᠢᠨ ᠰᠢᠭᠤᠷᠬᠠᠢ ᠬᠤᠷᠠᠯ ᠒᠐᠑᠘ ᠣᠨ ᠤ᠋ ᠐᠕ ᠳ᠋ᠤᠭᠠᠷ ᠰᠠᠷ᠎ᠠ ᠶ᠋ᠢᠨ ᠒᠑ ᠶ᠋ᠢᠨ ᠡᠳᠦᠷ ᠦ᠋ᠨ ᠐᠘ ᠴᠠᠭ ᠐᠐ ᠮᠢᠨᠦᠲ ᠲᠤ ᠠᠶᠢᠮᠠᠭ ᠤ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠬᠤᠷᠠᠯ ᠤ᠋ᠨ ᠽᠠᠯ ᠳ᠋ᠤ ᠬᠤᠷᠠᠯᠳᠤᠪᠠ᠃ ᠬᠤᠷᠠᠯᠳᠤᠭᠠᠨ ᠢ᠋ ᠠᠶᠢᠮᠠᠭ ᠤ᠋ᠨᠵᠠᠰᠠᠭ ᠳᠠᠷᠤᠭ᠎ᠠ ᠶ᠋ᠢᠨ ᠣᠷᠤᠯᠠᠭᠴᠢ ᠠ᠃ᠲᠦᠪᠰᠢᠨᠪᠠᠲᠤ ᠤᠳᠤᠷᠢᠳᠴᠤ᠂ ᠬᠤᠷᠠᠯ ᠳ᠋ᠤ ᠨᠡᠶᠢᠲᠡ ᠑᠐ ᢉᠡᠰᠢᢉᠦᠳ ᠣᠷᠤᠯᠴᠠᠵᠤ ᠬᠤᠷᠠᠯᠳᠤᠭᠠᠨ ᠤ᠋ ᠢᠷᠡᠴᠡ ᠑᠐᠐ ᠬᠤᠪᠢᠲᠠᠢ ᠪᠠᠶᠢᠪᠠ᠃ ᢉᠡᠰᠢᢉᠦᠳ ᠦ᠋ᠨ ᠢᠷᠡᠴᠡ ᠶ᠋ᠢᠨ ᠪᠦᠷᠢᠳᢈᠡᠯ ᠢ᠋ ᠬᠠᠪᠰᠤᠷᠭᠠᠪᠠ᠃

ᠬᠤᠷᠠᠯᠳᠤᠭᠠᠨ ᠢ᠋ᠶᠠᠷ ᢈᠡᠯᠡᠯᠴᠡᢈᠦ ᠠᠰᠠᠭᠤᠳᠠᠯ:

᠑᠃ᢈᠡᠯᠲᠡᠰ ᠦ᠋ᠨ ᠳᠠᠷᠤᠭ᠎ᠠ ᠨᠠᠷ ᠗ ᠬᠣᠨᠤᠭ ᠤ᠋ᠨ ᠠᠵᠢᠯ ᠤ᠋ᠨ ᠲᠠᠶᠢᠯᠤᠨ᠂ ᠬᠣᠯᠪᠤᠭᠳᠠᠬᠤ ᠰᠢᠭᠤᠷᠬᠠᠢ ᠮᠡᠳᠡᢉᠡ᠂ ᠮᠡᠳᠡᢉᠡᠯᠡᠯ ᠢ᠋ ᠲᠠᠨᠢᠯᠴᠠᠭᠤᠯᠬᠤ᠂ ᠡᠮᠦᠨᠡᢈᠢ ᠰᠢᠭᠤᠷᠬᠠᠢ ᠬᠤᠷᠠᠯ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠶ᠋ᠢᠨ ᢈᠡᠷᠡᢉᠵᠢᠯᠲᠡ ᠶ᠋ᠢᠨ ᠲᠠᠯᠠᠭᠠᠷᢈᠢ ᠮᠡᠳᠡᢉᠡ᠂ ᠲᠠᠶᠢᠯᠤᠨ ᠢ᠋ ᠲᠠᠨᠢᠯᠴᠠᠭᠤᠯᠬᠤ᠃

ᠬᠤᠷᠠᠯᠳᠤᠭᠠᠨ ᠠ᠋ᠴᠠ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ:

 

ᠠᠶᠢᠮᠠᠭ ᠤ᠋ᠨ ᠵᠢᠳᠬ᠎ᠠ ᠶ᠋ᠢᠨ ᠳᠠᠷᠤᠭ᠎ᠠ ᠴᠤ᠃ᠡᠩᢈᠡᠪᠠᠲᠤ :

 

Ø ᠒᠐᠑᠘ ᠣᠨ ᠤ᠋ ᠖ ᠳ᠋ᠤᠭᠠᠷ ᠰᠠᠷ᠎ᠠ ᠶ᠋ᠢᠨ ᠳᠤᠮᠳᠠᠭᠤᠷ ᠢᠲ᠋ᠾᠢ ᠤ᠋ᠨ ᠲᠡᠷᠢᢉᠦᠯᠡᢉᠴᠢᠳ ᠦ᠋ᠨ ᠬᠤᠷᠠᠯ ᠪᠣᠯᠤᠨ᠎ᠠ᠃ ᠬᠤᠷᠠᠯ ᠳ᠋ᠤ ᠵᠠᠰᠠᠭ ᠳᠠᠷᠤᠭ᠎ᠠ ᠶ᠋ᠢᠨ ᠦᠶᠢᠯᠡ ᠠᠵᠢᠯᠯᠠᠭᠠᠨ ᠤ᠋ ᢈᠥᠲᠦᠯᠪᠦᠷᠢ ᠶ᠋ᠢᠨ ᢈᠡᠷᠡᢉᠵᠢᠯᠲᠡ ᠶᠠᠪᠤᠴᠠ ᠶ᠋ᠢᠨ ᠲᠠᠯᠠᠭᠠᠷ ᠲᠠᠨᠢᠯᠴᠠᠭᠤᠯᠬᠤ ᠲᠤᠯᠠ ᢈᠡᠯᠲᠡᠰ ᠦ᠋ᠨ ᠳᠠᠷᠤᠭ᠎ᠠ ᠨᠠᠷ ᠠᠩᠬᠠᠷᠴᠤ ᠠᠵᠢᠯᠯᠠᠬᠤ ᢈᠡᠷᠡᢉᠲᠡᠢ ᠪᠠᠶᠢᠨ᠎ᠠ᠃
Ø᠒᠐᠑᠙ ᠣᠨ ᠳ᠋ᠤ ᠣᠩᠬᠤᠰ ᠪᠠᠷ ᢈᠢᢉᠳᠡᢈᠦ ᠠᠵᠢᠯ ᠳ᠋ᠤ ᠣᠳᠤ ᠠ᠋ᠴᠠ ᠠᠩᠬᠠᠷᠴᠤ ᠠᠵᠢᠯᠯᠠᠬᠤ ᠡᢉᠦᠷᢉᠡ ᠳᠠᠭᠠᠭᠠᠯᠭᠠᠪᠤᠷᠢ ᠶ᠋ᠢ ᠵᠠᠰᠠᠭ ᠳᠠᠷᠤᠭ᠎ᠠ ᠥᢉᢉᠦᢉᠰᠡᠨ᠃
Ø᠒᠐᠑᠘ ᠣᠨ ᠤ᠋ ᠕ ᠰᠠᠷ᠎ᠠ ᠶ᠋ᠢᠨ ᠒᠕ ᠨ ᠳ᠋ᠤ ᠠᠶᠠᠯᠠᠯ ᠵᠢᠭᠤᠯᠴᠢᠯᠠᠯ ᠤ᠋ᠨ ᠹᠣᠷᠦᠮ ᠵᠣᢈᠢᠶᠠᠨ ᠪᠠᠶᠢᠭᠤᠯᠤᠭᠳᠠᠬᠤ ᠲᠤᠯᠠ ᢈᠡᠯᠲᠡᠰ ᠦ᠋ᠨ ᠳᠠᠷᠤᠭ᠎ᠠ ᠨᠠᠷ ᠬᠠᠷᠢᠶ᠎ᠠ ᠠᢉᠧᠨ᠋ᠲ᠋ᠯᠢᠭ ᠤ᠋ᠳ ᠢ᠋ᠶᠠᠨ ᠣᠷᠤᠯᠴᠠᠭᠤᠯᠵᠤ ᠢᠳᠡᠪᢈᠢ ᠲᠡᠢ ᠬᠠᠮᠲᠤᠷᠠᠵᠤ ᠠᠵᠢᠯᠯᠠᠬᠤ ᠱᠠᠭᠠᠷᠳᠠᠯᠭ᠎ᠠ ᠲᠠᠢ᠃ ᠥᠨᠳᠡᢉᠡᠳᠦᠷ ᢈᠡᠪᠯᠡᠯ ᠦ᠋ᠨ ᠬᠤᠷᠠᠯ ᢈᠢᠨ᠂ ᠲᠣᠳᠤᠷᠠᠭᠤᠯᠭ᠎ᠠ ᠨᠡᠪᠲᠡᠷᠡᢉᠦᠯᢉᠡ ᠳ᠋ᠦ ᠣᠷᠤᠯᠴᠠᠵᠤ ᠹᠣᠷᠦᠮ ᠤ᠋ᠨ ᠦᠶᠢᠯᠡ ᠠᠵᠢᠯᠯᠠᠭ᠎ᠠ ᠶ᠋ᠢ ᠢᠷᢉᠡᠳ ᠲᠦ ᠰᠤᠷᠲᠠᠯᠴᠢᠯᠠᠨ ᠲᠠᠨᠢᠭᠤᠯᠬᠤ ᠪᠣᠯᠤᠨ᠎ᠠ᠃
Øᠻᠶᠣᠩᢉᠢ ᠠᠶᠢᠮᠠᠭ ᠤ᠋ᠨ ᠰᠣᠶᠤᠯ ᠤ᠋ᠨ ᠪᠠᠶᠢᠭᠤᠯᠤᠯᠭ᠎ᠠ ᠠ᠋ᠴᠠ ᠡᠨᠡ ᠵᠤᠨ ᠔᠐ ᢈᠦᠮᠦᠨ ᠦ᠋ ᠪᠦᠷᠢᠯᠳᠦᢈᠦᠨ ᠲᠡᠢ ᠤᠷᠠᠨ ᠪᠦᠲᠦᢉᠡᠯᠴᠢᠳ ᠒ ᠡᠳᠦᠷ ᠦ᠋ᠨ ᠲᠣᠭᠯᠠᠯᠲᠠ ᠶ᠋ᠢ ᠮᠠᠨ ᠤ᠋ ᠠᠶᠢᠮᠠᠭ ᠲᠤ ᠵᠣᢈᠢᠶᠠᠨ ᠪᠠᠶᠢᠭᠤᠯᠬᠤ ᠲᠤᠯᠠ ᠠᠵᠢᠯ ᠤ᠋ᠨ ᢈᠡᠰᠡᢉ ᠭᠠᠷᠭᠠᠵᠤ ᠠᠵᠢᠯᠯᠠᠨ᠎ᠠ᠃ ᠠᠵᠢᠯ ᠤ᠋ᠨ ᢈᠡᠰᠡᢉ ᠦ᠋ᠨ ᠠᠬᠠᠯᠠᠭᠴᠢ ᠪᠠᠷ ᢈᠡᠨ ᠢ᠋ ᠲᠣᠮᠢᠯᠠᠬᠤ᠂ ᠳᠡᠮᠵᠢᠯᢉᠡ ᠦᠵᠡᢉᠦᠯᠦᢉᠡᠳ ᠬᠠᠮᠲᠤᠷᠠᠵᠤ ᠠᠵᠢᠯᠯᠠᠬᠤ ᠬᠤᠪᠢ ᢈᠦᠮᠦᠨ ᠶᠠᠮᠠᠷ ᠪᠠᠶᠢᠭᠤᠯᠤᠯᠭ᠎ᠠ ᠨᠤᠭᠤᠳ ᠪᠠᠶᠢᠭ᠎ᠠ ᠶ᠋ᠢ ᠲᠣᠳᠤᠷᠠᠭᠤᠯᠬᠤ ᢈᠡᠷᠡᢉᠲᠡᠢ ᠪᠠᠶᠢᠨ᠎ᠠ᠃

ᠠᠶᠢᠮᠠᠭ ᠤ᠋ᠨ ᠵᠠᠰᠠᠭ ᠳᠠᠷᠤᠭ᠎ᠠ ᠶ᠋ᠢᠨ ᠣᠷᠤᠯᠠᠭᠴᠢ ᠠ᠃ᠲᠦᠪᠰᠢᠨᠪᠠᠲᠤ:

№ ᠥᢉᢉᠦᢉᠳᠡᢉᠰᠡᠨ ᠡᢉᠦᠷᢉᠡ ᠳᠠᠭᠠᠭᠠᠯᠭᠠᠪᠤᠷᠢ ᠬᠠᠷᠢᠭᠤᠴᠠᠬᠤ ᠡᠵᠡᠨ
᠑᠃ ᠑᠆ ᠷ ᠰᠤᠷᠭᠠᠭᠤᠯᠢ᠂ ᠡᠨᠡᠷᠢᠯ ᠴᠣᠭᠴᠠᠯᠠᠪᠤᠷᠢ ᠰᠤᠷᠭᠠᠭᠤᠯᠢ ᠶ᠋ᠢᠨ ᠵᠠᢈᠢᠷᠤᠯ ᠤ᠋ᠳ ᠢ᠋ ᠠᠵᠢᠯ ᠠ᠋ᠴᠠ ᠴᠢᠯᠦᢉᠡᠯᠡᢈᠦ ᠨᠪᠬ᠎ᠠ

᠒᠃ ᠭᠠᠯᠲᠤ ᠵᠡᠪᠰᠡᢉ ᠦ᠋ᠨ ᠬᠠᠤᠯᠢ ᠶ᠋ᠢᠨ ᠰᠢᠨᠡᠴᠢᠯᠡᢉᠰᠡᠨ ᠨᠠᠶᠢᠷᠠᠭᠤᠯᠭ᠎ᠠ ᢈᠡᠷᠡᢉᠵᠢᢉᠡᠳ ᠡᢈᠢᠯᠡᢉᠰᠡᠨ ᠲᠡᠢ ᠬᠣᠯᠪᠤᠭ᠎ᠠ ᠲᠠᠢ ᠭᠠᠯᠲᠤ ᠵᠡᠪᠰᠡᢉ ᠡᠵᠡᠮᠰᠢᢉᠴᠢ ᠨᠢ ᠰᠤᠷᠭᠠᠯᠲᠠ ᠳ᠋ᠤ ᠰᠠᠭᠤᠵᠤ ᠰᠧᠷᠲ᠋ᠢᠹᠢᠻᠠᠲ ᠲᠠᠢ ᠪᠠᠶᠢᠬᠤ ᠶᠣᠰᠤᠲᠠᠢ᠃ ᠰᠤᠷᠭᠠᠯᠲᠠ ᠪᠣᠯᠬᠤ ᠲᠠᠯᠠᠭᠠᠷ ᠮᠡᠳᠡᢉᠡᠯᠡᠯ ᠢ᠋ ᠢᠷᢉᠡᠳ ᠲᠦ ᠣᠷᠤᠨ ᠨᠤᠲᠤᠭ ᠤ᠋ᠨ ᠲᠧᠯᠧᠸᠢᠽ᠂ ᠰᠠᠶᠢᠲ ᠤ᠋ᠳ ᠢ᠋ᠶᠠᠷ ᠰᠤᠷᠲᠠᠯᠴᠢᠯᠠᠬᠤ ᠠᠵᠢᠯ ᠢ᠋ ᠴᠠᠭᠳᠠᠭ᠎ᠠ ᠶ᠋ᠢᠨ ᠭᠠᠵᠠᠷ ᠲᠤ ᠡᢉᠦᠷᢉᠡ ᠪᠣᠯᠭᠠᠵᠤ ᠥᢉᢈᠦ ᢈᠡᠷᠡᢉᠲᠡᠢ ᠪᠠᠶᠢᠨ᠎ᠠ᠃ ᢈᠡᠵᠡᢈᠦ ᠴᠠᠭᠳᠠᠭ᠎ᠠ ᠶ᠋ᠢᠨ ᠭᠠᠵᠠᠷ
᠓᠃ “ᠲᠦᠷ ᠬᠠᠮᠠᠭᠠᠯᠠᠬᠤ ᠪᠠᠶᠢᠷᠢ”᠆ ᠨ ᠤ᠋ ᠲᠠᠯᠠᠭᠠᠷᢈᠢ ᠲᠠᠶᠢᠯᠤᠨ ᠢ᠋ ᠲᠠᠨᠢᠯᠴᠠᠭᠤᠯᠵᠤ ᠨᠢᢉᠡᠳᠦᢉᠰᠡᠨ ᠣᠶᠢᠯᠠᠭᠠᠯᠲᠠ ᠲᠠᠢ ᠪᠣᠯᠵᠤ ᠬᠣᠯᠪᠤᠭᠳᠠᠬᠤ ᠭᠠᠵᠠᠷ ᠲᠤ ᠨᠢ ᠬᠠᠷᠢᠭᠤᠴᠠᠭᠤᠯᠵᠤ ᠥᢉᢈᠦ ᢈᠡᠷᠡᢉ ᠲᠡᠢ ᠪᠠᠶᠢᠨ᠎ᠠ᠃ ᢈᠡᠵᠡᢈᠦ᠂ ᠨᠪᠬ᠎ᠠ᠂ ᢈᢈᠦ᠋ᢉ
᠔᠃ ᠵᠠᠮ ᠤ᠋ᠨ ᠨᠥᢈᠦᢉᠡᠰᠦ ᠲᠡᠢ ᠬᠣᠯᠪᠤᠭ᠎ᠠ ᠲᠠᠢ ᠭᠣᠮᠤᠳᠠᠯ ᠤ᠋ᠳ ᠭᠠᠷᠴᠤ ᠪᠠᠶᠢᠨ᠎ᠠ᠃ ᠬᠣᠬᠠᠪᠲᠤᠬᠤ
᠕᠃ ᠰᠢᠷ᠎ᠠ ᠶ᠋ᠢᠨ ᠭᠣᠣᠯ ᠤ᠋ᠨ ᠳᠣᠲᠤᠭᠤᠷ ᠪᠠᠶᠢᠷᠢᠨ ᠤ᠋ ᠪᠣᢈᠢᠷ ᠤ᠋ᠨ ᠱᠤᠭᠤᠮ ᠤ᠋ᠨ ᠠᠵᠢᠯ ᠳ᠋ᠤ ᢈᠢᠨᠠᠯᠲᠠ ᠲᠠᠯᠪᠢᠵᠤ ᢉᠦᠶᠢᠴᠡᠳᢈᠡᢉᠦᠯᢈᠦ ᠬᠣᠬᠠᠪᠲᠤᠬᠤ
᠖᠃ “ᠳᠠᠷᠬᠠᠨ ᠕᠐” ᠴᠣᠭᠴᠠᠯᠠᠪᠤᠷᠢ ᠶ᠋ᠢᠨ ᠬᠣᠶᠢᠳᠤ ᠲᠠᠯ᠎ᠠ ᠳ᠋ᠤ ᠪᠢᠰᠢᠷᠡᠯᠲᠦ ᠬᠣᠯᠳᠢᠨ ᠢ᠋ ᠻᠣᠮᠫᠠᠨᠢ ᠦᠶᠢᠯᠡᠴᠢᠯᠡᢉᠡᠨ ᠦ᠋ ᠵᠣᠷᠢᠭᠤᠯᠤᠯᠲᠠ ᠪᠠᠷ ᠠᠪᠤᠭᠰᠠᠨ ᠭᠠᠵᠠᠷ ᠲᠤ ᠪᠠᠨ ᠵᠣᠷᠢᠭᠤᠯᠤᠯᠲᠠ ᠶ᠋ᠢ ᠨᠢ ᠥᢉᠡᠷᠡᠴᠢᠯᠡᢉᠡᠳ ᠒ ᠙ ᠳᠠᠪᠬᠤᠷ ᠣᠷᠤᠨ ᠰᠠᠭᠤᠴᠠ ᠪᠠᠷᠢᠬᠤ ᢉᠡᠵᠦ ᠪᠠᠶᠢᠨ᠎ᠠ᠃ ᠡᠨᠡ ᠠᠵᠢᠯ ᠢ᠋ ᠵᠣᠭᠰᠤᠭᠠᠬᠤ ᠡᢉᠦᠷᢉᠡ ᠥᢉᢉᠦᢉᠰᠡᠨ ᠪᠠᠶᠢᠲᠠᠯ᠎ᠠ ᠠᠵᠢᠯᠯᠠᠵᠤ ᠪᠠᠶᠢᠨ᠎ᠠ᠃ ᠵᠥᠪᠰᠢᠶᠡᠷᠡᠯ ᠢ᠋ ᠨᠢ ᠴᠤᠴᠠᠯᠠᠬᠤ ᠶ᠋ᠢ ᠠᠩᠬᠠᠷᠤᠭᠤᠯᠬᠤ ᠬᠣᠬᠤᠪᠲᠤ ᢉᢈᠢᠪᠬᠠᠭ
᠗᠃ ᠴᠡᠷᠢᢉ ᠦ᠋ᠨ ᠱᠲ᠋ᠠᠪ ᠤ᠋ᠨ ᠻᠣᠨ᠋ᠲ᠋ᠢᠨᠧᠷ ᠲᠡᠢ ᠬᠣᠯᠪᠤᠭᠠᠲᠠᠢ ᢉᠡᠷ᠎ᠡ ᠶ᠋ᠢ ᠨᠢ ᢈᠢᢉᠡᠳ ᠮᠥᠩᢉᠦ ᠶ᠋ᠢ ᠰᠢᠯᠵᠢᢉᠦᠯᢈᠦ᠂ ᠮᠠᠶᠢᠬᠠᠨ ᠬᠤᠳᠠᠯᠳᠤᠵᠤ ᠠᠪᠤᠭᠰᠠᠨ ᠠᠰᠠᠭᠤᠳᠠᠯ ᠳ᠋ᠤ ᠰᠠᠩᢈᠦᠦ ᠶ᠋ᠢᠨ ᢈᠢᠨᠠᠯᠲᠠ ᢈᠢᢈᠦ ᢈᠡᠷᠡᢉᠲᠡᠢ ᠪᠠᠶᠢᠨ᠎ᠠ᠃ ᠰᠠᠩᢈᠦᠦ ᠶ᠋ᠢᠨ ᠠᠻᠲ ᠲᠠᠯᠪᠢᠬᠤ ᠳ᠋ᠠᠭᠠᠨ ᠭᠣᠣᠯ ᠪᠢᠰᠢ ᠰᠠᠩᢈᠦᠦ ᠶ᠋ᠢᠨ ᠡᠷᢈᠡ ᠡᢉᠦᠷᢉᠡ ᠶ᠋ᠢ ᠨᠢ ᠲᠠᠨᠢᠯᠴᠠᠭᠤᠯᠵᠤ ᠣᠶᠢᠯᠠᠭᠠᠭᠤᠯᠬᠤ ᠨᠢ ᠴᠢᠬᠤᠯᠠ ᠃ ᠡᢉᠦᠨ ᠲᠡᠢ ᠬᠣᠯᠪᠤᠭ᠎ᠠ ᠲᠠᠢ ᠠᠶᠢᠮᠠᠭ ᠣᠷᠤᠨ ᠨᠤᠲᠤᠭ ᠤ᠋ᠨ ᠪᠠᠲᠤᠯᠠᠨ ᠬᠠᠮᠠᠭᠠᠯᠠᠬᠤ ᠠᠵᠢᠯ ᠰᠠᠭᠠᠲᠠᠬᠤ ᠶᠣᠰᠤ ᠦᢉᠡᠢ᠃ ᠰᠠᠬᠠᠭ᠎ᠠ᠂ ᠴᠡᠷᠢᢉ ᠦ᠋ᠨ ᠱᠲ᠋ᠠᠪ᠂ ᠨᠢᢉᠦ
᠘᠃ ᠰᠠᠩᢈᠦᠦ ᠶ᠋ᠢᠨ ᢈᠢᠨᠠᠯᠲᠠ᠂ ᠠᠦ᠋ᠳᠢᠲ ᠤ᠋ᠨ ᠠᠯᠪᠠ ᠪᠣᠯᠤᠨ ᠭᠠᠶᠢᠯᠢ ᠶ᠋ᠢᠨ ᠠᠯᠪᠠᠨ ᠠ᠋ᠴᠠ ᠮᠡᠳᠡᢉᠡᠯᠡᠯ ᠢ᠋ ᠨᠢ ᠠᠪᠴᠤ ᠲᠠᠨᠢᠯᠴᠠᠭᠤᠯᠵᠤ ᠪᠠᠶᠢᠬᠤ ᠰᠲ᠋ᠾᠢᠰ
᠙᠃ ᠬᠣᠲᠠ ᠶ᠋ᠢᠨ ᠨᠣᠭᠤᠭᠠᠨ ᠪᠠᠶᠢᠭᠤᠯᠤᠮᠵᠢ ᠶ᠋ᠢᠨ ᠤᠰᠤᠵᠢᠯᠲᠠ ᠶ᠋ᠢᠨ ᠰᠢᠰᠲ᠋ᠧᠮ ᠳ᠋ᠦ ᠠᠩᠬᠠᠷᠴᠤ ᠠᠵᠢᠯᠯᠠᠬᠤ ᢈᠡᠷᠡᢉ ᠲᠡᠢ ᠃ ᠵᠠ
᠑᠐᠃ “ᠲᠡᠳᠢ” ᠲᠥᠪ ᠦ᠋ᠨ ᠬᠣᠶᠢᠳᠤ ᠲᠠᠯ᠎ᠠ ᠶ᠋ᠢᠨ ᠲᠠᠯᠠᠪᠠᠢ ᠳ᠋ᠤ ᢈᠢᠨᠠᠯᠲᠠ ᠲᠠᠯᠪᠢᠬᠤ ᠮᠥᠨ ᢉᢈᠦᠪᢈᠢᢉᠰᠠᠨ ᠤ ᠶ᠋ᠢᠨ ᠳᠠᠷᠤᠭ᠎ᠠ ᠳ᠋ᠤ ᠴᠤᠴᠠᠯᠠᠬᠤ ᠡᢉᠦᠷᢉᠡ ᠥᢉᢉᠦᢉᠰᠡᠨ ᠪᠠᠶᠢᠭ᠎ᠠ ᠲᠤᠯᠠ ᠫ᠃ᠪᠠᠲᠤᠰᠦ᠋ᢈᠡ ᠳᠠᠷᠤᠭ᠎ᠠ ᢈᠢᠨᠠᠯᠲᠠ ᠲᠠᠯᠪᠢᠵᠤ ᠠᠵᠢᠯᠯᠠᠬᠤ᠃ ᠬᠣᠬᠤᠪᠲᠤ ᠳᠠᠷᠬᠠᠨ ᠰᠤᠮᠤ ᠶ᠋ᠢᠨ ᠵᠢᠳᠲᠦ
᠑᠑᠃ ᠠᠶᠢᠮᠠᠭ ᠤ᠋ᠨ ᠵᠠᠰᠠᠭ ᠳᠠᠷᠤᠭ᠎ᠠ ᠶ᠋ᠢᠨ ᠠᠯᠪᠠᠨ ᠳᠠᠭᠠᠭᠠᠯᠭᠠᠪᠤᠷᠢ ᠶ᠋ᠢᠨ ᠵᠠᢈᠢᠷᠤᠮᠵᠢ ᠪᠦᢈᠦ ᠠᢉᠧᠨᠲ᠋ᠯᠢᠭ ᠤ᠋ᠳ ᠲᠤ ᢈᠦᠷᢉᠡᢉᠳᠡᢉᠰᠡᠨ ᠡᠰᠡᢈᠦ᠂ ᢈᠡᠯᠲᠡᠰ ᠦ᠋ᠨ ᠳᠠᠷᠤᠭ᠎ᠠ ᠨᠠᠷᠠ ᢈᠡᠷᠡᢉᠵᠢᠯᠲᠡᠨ ᠳ᠋ᠦ ᠣᠨᠴᠤᠭᠤᠢ ᠠᠩᠬᠠᠷᠴᠤ ᢈᠢᠨᠠᠯᠲᠠ ᠲᠠᠯᠪᠢᠵᠤ ᠠᠵᠢᠯᠯᠠᠬᠤ ᠲᠠᠤᠬ᠎ᠠ

᠑᠒᠃ ᢈᠡᠦᢈᠡᠳ ᠦ᠋ᠨ ᠪᠠᠶᠠᠷ ᠤ᠋ᠨ ᠠᠷᠭ᠎ᠠ ᢈᠡᠮᠵᠢᠶᠡᠨ ᠦ᠋ ᠪᠡᠯᠡᠳᢈᠡᠯ ᠠᠵᠢᠯ ᠤ᠋ᠨ ᠲᠥᠯᠦᠪᠯᠡᢉᠡ᠂ ᢈᠥᠲᠦᠯᠪᠦᠷᠢ᠂ ᠲᠥᠰᠦᠪ ᠢ᠋ ᠲᠠᠨᠢᠯᠴᠠᠭᠤᠯᠬᠤ ᠨᠪᠬ᠎ᠠ
᠑᠓᠃ ᠤᠢᠬ᠎ᠠ ᠶ᠋ᠢᠨ ᠪ᠃ᠪᠠᠲᠤᠲᠡᠮᠦᠷ ᢉᠡᠰᠢᢉᠦᠨ ᠦ᠋ ᠲᠤᠰᠠᠯᠠᠬᠤ ᠲᠤᠯᠭ᠎ᠠ ᠲᠠᠢ ᠬᠣᠯᠪᠤᠭᠳᠠᠭᠠᠳ ᠻᠶᠣᠩᢉᠢ ᠠᠶᠢᠮᠠᠭ ᠤ᠋ᠨ ᠲᠠᠯᠠᠭᠠᠷ ᠲᠣᠳᠤᠷᠠᠭᠤᠯᠬᠤ ᠲᠠᠤᠬ᠎ᠠ
᠑᠔᠃ ᠮᠠᠨ ᠤ᠋ ᠠᠶᠢᠮᠠᠭ ᠲᠤ ᠖ ᠳ᠋ᠤᠭᠠᠷ ᠰᠠᠷ᠎ᠠ ᠳ᠋ᠤ ᠰᠨᠠᠶᠢᠫᠧᠷ ᠪᠤᠤᠳᠠᠯᠭ᠎ᠠ ᠶ᠋ᠢᠨ ᠤᠯᠤᠰ ᠤ᠋ᠨ ᠠᠪᠤᠷᠭᠤ ᠰᠢᠯᠭᠠᠷᠠᠭᠤᠯᠬᠤ ᠲᠡᠮᠡᠴᠡᢉᠡᠨ ᠵᠣᢈᠢᠶᠠᠨ ᠪᠠᠶᠢᠭᠤᠯᠤᠭᠳᠠᠨ᠎ᠠ᠃ ᠵᠡᠪᠰᠡᢉᠲᠦ ᢈᠦᠴᠦᠨ ᠢ᠋ ᠵᠠᠯᠠᠭᠤᠴᠤᠳ ᠲᠤ ᠰᠤᠷᠲᠠᠯᠴᠢᠯᠠᠬᠤ ᠰᠠᠶᠢᠬᠠᠨ ᠠᠷᠭ᠎ᠠ ᢈᠡᠮᠵᠢᠶ᠎ᠡ ᠪᠣᠯᠤᠨ᠎ᠠ᠃ ᠴᠤ᠃ᠡᠩᢈᠡᠪᠠᠲᠤ ᠳᠠᠷᠤᠭ᠎ᠠ ᠠᠵᠢᠯ ᠤ᠋ᠨ ᢈᠡᠰᠡᢉ ᠢ᠋ ᠠᠬᠠᠯᠠᠭᠠᠳ ᠵᠠᠰᠠᠭ ᠳᠠᠷᠤᠭ᠎ᠠ ᠶ᠋ᠢᠨ ᠨᠡᠷᠡᠮᠵᠢᠲᠦ ᠴᠡᠷᠢᢉ ᠦ᠋ᠨ ᢈᠦᠷᠢᠶ ᠡᠨ ᠦ᠋ ᢈᠢ ᠪᠡᠨ ᠠᠩᢉᠢ ᠨᠢᢉᠡᠳᢈᠡᠯ ᠦ᠋ᠳ ᠪᠣᠯᠤᠨ ᠴᠠᠭᠳᠠᠭ᠎ᠠ ᢈᠦᠴᠦᠨ ᠦ᠋ ᠪᠠᠶᠢᠭᠤᠯᠤᠯᠭ᠎ᠠ ᠨᠤᠭᠤᠳ ᠢ᠋ᠶᠠᠨ ᠬᠠᠮᠤᠷᠤᠭᠤᠯᠤᠭᠠᠳ ᠲᠤᠰᠠ ᠲᠡᠮᠡᠴᠡᢉᠡᠨ ᠢ᠋ ᠵᠣᢈᠢᠶᠠᠨ ᠪᠠᠶᠢᠭᠤᠯᠢᠶ᠎ᠠ᠃ ᠵᠠᠳᠠᠳᠬ᠎ᠠ
᠑᠕᠃ ᠨᠢᢉᠡᠳᠦᢉᠰᠡᠨ ᠡᠮᠨᠡᠯᢉᠡ ᠢᠷᢉᠡᠳ ᠲᠦ ᠪᠡᠨ ᠦᠶᠢᠯᠡᠴᠢᠯᠡᢈᠦ ᠵᠢᠷᠤᠮ ᠪᠣᠯᠪᠠᠰᠤᠷᠠᠭᠤᠯᠵᠤ ᠲᠠᠨᠢᠯᠴᠠᠭᠤᠯᠬᠤ ᢈᠡᠷᠡᢉᠲᠡᠢ᠃ ᠨᠪᠬ᠎ᠠ

ᠬᠤᠷᠠᠯ ᠑᠐ ᠴᠠᠭ ᠐᠐ ᠮᠢᠨᠦᠲ ᠲᠤ ᠳᠠᠭᠤᠰᠪᠠ᠃

ᠲᠠᠨᠢᠯᠴᠠᠭᠰᠠᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠳᠠᠷᠤᠭ᠎ᠠ ᠫ᠃ᠪᠠᠶᠠᠷᠰᠠᠶᠢᠬᠠᠨ

ᠲᠡᠮᠳᠡᢉᠯᠡᠯ ᢈᠥᠲᠦᠯᠦᢉᠰᠡᠨ:

ᠲᠥᠷᠦ ᠶ᠋ᠢᠨ ᠵᠠᢈᠢᠷᠭᠠᠨ ᠤ᠋ ᠤᠳᠤᠷᠢᠳᠤᠯᠭ᠎ᠠ ᠶ᠋ᠢᠨ

ᢈᠡᠯᠲᠡᠰ ᠦ᠋ᠨ ᠮᠡᠷᢉᠡᠵᠢᠯᠲᠡᠨ ᠶᠠ᠃ᢉᠡᠷᠡᠯᠰᠦ᠋ᢈᠡ